2024-08-20 16:47:46
ᠫᠠᠷᠢᠰ᠎ᠤᠨ ᠵᠡᠮᠳᠡᠭ᠌ᠴᠦᠳ᠎ᠦᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠳᠤᠮᠳᠠᠳᠤ ᠤᠯᠤᠰᠤᠨᠪᠡᠶᠡᠶᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ 8 ᠰᠠᠷ᠎ᠠ᠎ᠶ᠋ᠢᠨ 16᠎ᠤ᠋ ᠡᠳᠦᠷ ᠪᠡᠭᠡᠵᠢᠩ᠎ᠳᠦ ᠪᠠᠢᠭᠤᠯᠤᠭ᠍ᠳᠠᠵᠦ᠂ᠲᠦᠯᠦᠭᠡᠯᠡᠭᠴᠢᠳ᠎ᠤᠨ ᠪᠦᠯᠬᠦᠮ᠎ᠤᠨ ᠬᠢᠨ 516 ᠬᠦᠮᠦᠨ᠎ᠢᠶᠡᠷ ᠪᠦᠷᠢᠯᠳᠦᠵᠦ᠂ 284 ᠲᠠᠮᠢᠷᠴᠢᠨ ᠪᠤᠢ᠃ ᠡᠭᠦᠨᠳᠦᠦᠪᠦᠷ ᠮᠤᠩᠭᠤᠯ᠎ᠤᠨ ᠸᠠᠩ ᠶᠤᠸᠠᠢ᠂ ᠰᠦᠨ ᠫᠸᠩ ᠱᠢᠶᠠᠩ ᠬᠤᠶᠠᠷ ᠤᠷᠤᠯᠴᠠᠨ᠎ᠠ᠃
ᠸᠠᠩ ᠶᠤᠸᠠᠢ᠂ 1997 ᠤᠨ᠎ᠳᠤ ᠪᠠᠶᠠᠨᠨᠠᠭᠤᠷ ᠬᠤᠲᠠ᠎ᠳᠦ ᠳᠤᠷᠦᠵᠠᠢ᠃ 2015 ᠣᠨ᠎ᠳᠤ ᠠᠩᠬ᠎ᠠ ᠤᠳᠠᠭ᠎ᠠ ᠪᠦᠬᠦ᠌ ᠤᠯᠤᠰ᠎ᠤᠨ ᠬᠠᠷᠠᠭ᠎ᠠ ᠠᠯᠳᠠᠬᠰᠠᠳ᠎ᠤᠨ ᠡᠮᠡᠭᠳᠡᠢᠶ᠋ᠢᠨᠵᠢᠦᠳᠣᠣᠶ᠋ᠢᠨ ᠤᠷᠤᠯᠳᠤᠭᠠᠨ᠎ᠳᠤ ᠣᠷᠣᠯᠴᠠᠭᠠᠳ ᠮᠠᠩᠯᠠᠢᠯᠠᠪᠠ᠃ 2020 ᠣᠨ᠎ᠳᠤ ᠸᠠᠩ ᠶᠤᠸᠠᠢ ᠲᠣᠣᠺᠢᠣ᠋ᠶ᠋ᠢᠨᠵᠡᠮᠳᠡᠭ᠌ᠴᠦᠳᠦᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠬᠦᠷᠡᠯ ᠮᠧᠳᠠᠯ ᠲᠤᠰᠪᠠ᠃ 2023 ᠣᠨ᠎ᠤ ᠬᠠᠩᠵᠧᠦ᠍ᠶ᠋ᠢᠨᠠᠽᠢᠶᠠ ᠲᠢᠪ᠎ᠦᠨ ᠵᠡᠮᠳᠡᠭ᠌ᠴᠦᠳ᠎ᠦᠨ ᠲᠠᠮᠢᠷ᠎ᠤᠨ ᠴᠤᠬᠯᠠᠭᠠᠨ ᠳᠡᠭᠡᠷ᠎ᠡ ᠮᠠᠩᠯᠠᠢᠯᠠᠭ᠍ᠰᠠᠨᠤ ᠳᠠᠷᠠᠭ᠎ᠠ ᠸᠠᠩᠶᠤᠸᠠᠢ ᠪᠣᠯᠤᠨ ᠳᠠᠰᠭᠠᠯᠵᠢᠭᠤᠯᠤᠭ᠍ᠴᠢ ᠭᠸᠩ ᠱᠢᠶᠤᠤ ᠹᠸᠢ ᠭᠣᠣᠯ ᠬᠠᠷᠠᠯᠲᠠ᠎ᠪᠠᠨ ᠫᠠᠷᠢᠰ᠎ᠤᠨ ᠵᠡᠮᠳᠡᠭ᠌ᠴᠦᠳᠦᠨᠣᠯᠢᠮᠫᠢᠺᠤᠨ ᠲᠠᠮᠢᠷ᠎ᠤᠨ ᠴᠤᠭ᠍ᠯᠠᠭᠠᠨ ᠳᠡᠭᠡᠷ᠎ᠡ ᠳᠠᠯᠪᠢᠪᠠ᠃

ᠸᠠᠩ ᠶᠤᠸᠠᠢ
2023 ᠣᠨ᠎ᠤ ᠰᠡᠭᠦᠯᠴᠢ᠎ᠡᠴᠡ ᠲᠤᠰ ᠬᠤᠭᠤᠴᠠᠭᠠᠨ᠎ᠤ ᠵᠡᠮᠳᠡᠭ᠌ᠴᠦᠳᠦᠨᠣᠯᠢᠮᠫᠢᠺᠤᠨ ᠲᠠᠮᠢᠷ᠎ᠤᠨ ᠴᠤᠭ᠍ᠯᠠᠭᠠᠨ ᠡᠬᠢᠯᠡᠬᠦ᠌ ᠪᠣᠯᠲᠠᠯ᠎ᠠ ᠸᠠᠩ ᠶᠤᠸᠠᠢ ᠪᠣᠯᠤᠨ ᠳᠠᠰᠭᠠᠯᠵᠢᠭᠤᠯᠤᠭ᠍ᠴᠢᠭᠸᠩ ᠱᠢᠶᠤᠤ ᠹᠸᠢ ᠤᠯᠤᠰ᠎ᠤᠨ ᠠᠩᠭᠢ᠎ᠳᠤ ᠪᠣᠯᠪᠠᠰᠤᠷᠠᠵᠤ ᠪᠠᠢᠪᠠ᠃ ᠤᠳᠤ ᠸᠠᠩ ᠶᠤᠸᠠᠢ ᠫᠠᠷᠢᠰ᠎ᠤᠨ ᠵᠡᠮᠳᠡᠭ᠌ᠴᠦᠳᠦᠨᠣᠯᠢᠮᠫᠢᠺᠤᠨ ᠲᠠᠮᠢᠷ᠎ᠤᠨ ᠴᠤᠭ᠍ᠯᠠᠭᠠᠨ᠎ᠤ ᠬᠠᠷᠠᠭ᠎ᠠ ᠠᠯᠳᠠᠬᠰᠠᠳ᠎ᠤᠨ ᠡᠷᠡᠭ᠌ᠲᠡᠶ᠎ᠶ᠋ᠢᠨ ᠵᠢᠦᠳᠣᠣ᠎ᠶ᠋ᠢᠨ70 ᠺᠢᠯᠣᠭ᠌ᠷᠠᠮ J2 ᠲᠠᠰ᠎ᠤᠨ ᠤᠷᠤᠯᠳᠤᠭᠠᠨ᠎ᠳᠤ ᠣᠷᠣᠯᠴᠠᠬᠤ ᠪᠡᠷ ᠪᠤᠢ᠃

ᠸᠠᠩ ᠶᠤᠸᠠᠢ ᠤᠷᠤᠯᠳᠤᠭᠠᠨ ᠳᠤᠮᠲᠠ
ᠰᠦᠨ ᠫᠧᠩ ᠱᠢᠶᠠᠩ᠂ 1997 ᠤᠨ᠎ᠳᠤ ᠬᠢᠩᠭᠠᠨ ᠠᠢᠮᠠᠭᠤᠨᠬᠤᠷᠴᠢᠨ ᠪᠠᠷᠠᠭᠤᠨ ᠳᠤᠮᠳᠠᠳᠦ ᠬᠤᠰᠢᠭᠤᠨ᠎ᠳᠦ ᠳᠦᠷᠦᠵᠠᠢ᠃ 2011 ᠣᠨ᠎ᠳᠤ ᠰᠦᠨ ᠫᠸᠩ ᠱᠢᠶᠠᠩ ᠥᠪᠥᠷ ᠮᠣᠩᠭᠣᠯᠤᠨᠥᠪᠡᠷᠲᠡᠭᠡᠨ ᠵᠠᠰᠠᠬᠤ ᠣᠷᠣᠨ᠎ᠤ ᠳᠥᠷᠪᠡᠳᠦᠭᠡᠷ ᠬᠤᠭᠤᠴᠠᠭᠠᠨ᠎ᠤ ᠵᠡᠮᠳᠡᠭ᠌ᠴᠦᠳ᠎ᠦᠨ ᠪᠡᠶ᠎ᠡ᠎ᠶᠢᠨ ᠲᠠᠮᠢᠷᠤᠨᠴᠤᠭ᠍ᠯᠠᠭᠠᠨᠳᠤ ᠣᠷᠣᠯᠴᠠᠵᠤ᠂ ᠬᠦᠨᠳᠦ ᠬᠥᠩᠭᠡᠨ ᠪᠡᠶ᠎ᠡ᠎ᠶᠢᠨ ᠲᠠᠮᠢᠷ᠎ᠤᠨ ᠤᠷᠤᠯᠳᠤᠭᠠᠨ᠎ᠳᠤ ᠵᠡᠭᠡᠷᠡᠩᠬᠡᠶ᠂ᠲᠤᠭᠤᠯᠭᠠᠨ ᠪᠥᠮᠪᠥᠭᠡ᠂ ᠱᠢᠳᠡᠭᠦᠷ ᠵᠢᠳᠠ ᠵᠡᠷᠭᠡ 3 ᠤᠷᠤᠯᠳᠤᠭᠠᠨ᠎ᠤ ᠲᠦᠷᠦᠯ ᠵᠦᠢᠯ᠎ᠳᠤ ᠮᠠᠩᠯᠠᠢᠯᠠᠪᠠ᠃ ᠲᠡᠷᠡᠤᠷᠢᠳ ᠬᠤᠵᠢᠳ ᠪᠦᠬᠦ᠌ ᠤᠯᠤᠰ᠎ᠤᠨ ᠵᠡᠮᠳᠡᠭ᠌ᠴᠦᠳ᠎ᠦᠨ ᠬᠦᠨᠳᠦ ᠬᠥᠩᠭᠡᠨ ᠪᠡᠶ᠎ᠡ᠎ᠶᠢᠨ ᠲᠠᠮᠢᠷ᠎ᠤᠨ ᠮᠠᠩᠯᠠᠶ ᠱᠢᠯᠭᠠᠷᠠᠭᠤᠯᠬᠤᠤᠷᠤᠯᠳᠤᠭᠠᠨᠤ ᠰᠢᠳᠡᠬᠦᠷ ᠵᠢᠳᠡᠵᠢᠨ᠌ ᠤᠷᠤᠯᠳᠤᠭᠠᠨ᠎ᠤ ᠲᠦᠷᠦᠯ ᠵᠦᠢᠯ᠎ᠤᠨ ᠠᠯᠲᠠᠨ ᠮᠧᠳᠠᠯ᠂ ᠪᠦᠬᠦ᠌ ᠤᠯᠤᠰᠤᠨᠶᠢᠰᠦᠳᠦᠭᠡᠷ ᠬᠤᠭᠤᠴᠠᠭᠠᠨ᠎ᠤ ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠵᠢᠴᠢ ᠵᠢᠷᠭᠤᠳᠤᠭᠠᠷᠬᠤᠭᠤᠴᠠᠭᠠᠨᠤ ᠣᠨᠴᠠᠭᠠᠶ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠡᠷᠡᠭ᠌ᠲᠡᠶ᠎ᠶ᠋ᠢᠨ ᠰᠢᠳᠡᠬᠦᠷᠵᠢᠳᠠᠶᠢᠨ ᠤᠷᠤᠯᠳᠤᠭᠠᠨ᠎ᠤ ᠲᠦᠷᠦᠯ ᠵᠦᠢᠯ᠎ᠤᠨ ᠮᠥᠩᠭᠥᠨ ᠮᠧᠳᠠᠯ᠂ ᠲᠤᠭᠤᠯᠭᠠᠨ ᠪᠥᠮᠪᠥᠭᠡ᠎ᠶ᠋ᠢᠨ ᠤᠷᠤᠯᠳᠤᠭᠠᠨᠤᠲᠦᠷᠦᠯ ᠵᠦᠢᠯ᠎ᠤᠨ ᠮᠥᠩᠭᠥᠨ ᠮᠧᠳᠠᠯ᠂ IPC ᠬᠦᠨᠳᠦ ᠬᠥᠩᠭᠡᠨ ᠪᠡᠶᠡᠶᠢᠨᠲᠠᠮᠢᠷᠤᠨ ᠲᠣᠮᠣ ᠱᠠᠩᠨᠠᠯᠲᠤ ᠤᠷᠤᠯᠳᠤᠭᠠᠨ᠎ᠤ ᠰᠢᠳᠡᠬᠦᠷ ᠵᠢᠳᠠᠵᠢᠨ᠌ ᠤᠷᠤᠯᠳᠤᠭᠠᠨ᠎ᠤ ᠲᠦᠷᠦᠯ ᠵᠦᠢᠯ᠎ᠤᠨ ᠮᠥᠩᠭᠥᠨᠮᠧᠳᠠᠯ᠂ ᠲᠤᠭᠤᠯᠭᠠᠨ ᠪᠥᠮᠪᠥᠭᠡ᠎ᠶ᠋ᠢᠨ ᠤᠷᠤᠯᠳᠤᠭᠠᠨ᠎ᠤ ᠲᠦᠷᠦᠯ ᠵᠦᠢᠯ᠎ᠤᠨ ᠬᠦᠷᠡᠯ ᠮᠧᠳᠠᠯ᠎ᠢ ᠰᠢᠬᠦᠷᠴᠦ᠂ ᠤᠯᠤᠰᠤᠨᠠᠩᠭᠢᠳᠤ ᠠᠮᠵᠢᠯᠲᠠ᠎ᠲᠠᠶ ᠰᠣᠩᠭᠣᠭ᠍ᠳᠠᠪᠠ᠃ 2015 ᠣᠨ᠎ᠤ 10 ᠰᠠᠷ᠎ᠠ᠎ᠳᠤ ᠲᠡᠷᠡ ᠺᠠᠲ᠋ᠠᠷ᠎ᠤᠨ ᠳ᠋ᠤᠬᠠ ᠳ᠋ᠦ᠍ᠶᠠᠪᠤᠭ᠍ᠳᠠᠭ᠍ᠰᠠᠨ ᠳᠡᠯᠡᠬᠡᠢ᠎ᠶ᠋ᠢᠨ ᠵᠡᠮᠳᠡᠭ᠌ᠴᠦᠳ᠎ᠦᠨ ᠬᠦᠨᠳᠦ ᠬᠥᠩᠭᠡᠨ ᠪᠡᠶ᠎ᠠ᠎ᠶᠢᠨ ᠲᠠᠮᠢᠷ᠎ᠤᠨ ᠮᠠᠩᠯᠠᠶᠱᠢᠯᠭᠠᠷᠠᠭᠤᠯᠬᠤ ᠤᠷᠤᠯᠳᠤᠭᠠᠨ ᠳᠡᠭᠡᠷ᠎ᠡ ᠰᠢᠳᠡᠬᠦᠷ ᠵᠢᠳᠡ᠎ᠶᠢᠨ ᠤᠷᠤᠯᠳᠤᠭᠠᠨ᠎ᠤ ᠲᠦᠷᠦᠯ ᠵᠦᠢᠯ᠎ᠦᠨ ᠠᠯᠲᠠᠨᠮᠧᠳᠠᠯᠢ ᠣᠯᠤᠭ᠍ᠰᠠᠨ ᠪᠥᠭᠡᠳ ᠲᠤᠰ ᠲᠦᠷᠦᠯ ᠵᠦᠢᠯ᠎ᠦᠨ ᠠᠽᠢᠶ᠎ᠠ ᠲᠢᠪ᠎ᠦᠨ ᠲᠡᠮᠳᠡᠭ᠌ᠯᠡᠯ ᠪᠣᠯᠤᠨ ᠳᠡᠯᠡᠬᠡᠢᠶ᠋ᠢᠨᠲᠡᠮᠳᠡᠭ᠌ᠯᠡᠯᠢ ᠰᠢᠨᠡᠳᠭᠡᠪᠠ᠃

ᠰᠦᠨ ᠫᠸᠩ ᠰᠢᠶᠠᠩ
2016 ᠣᠨ᠎ᠳᠤ ᠰᠦᠨ ᠫᠸᠩ ᠱᠢᠶᠠᠩ ᠠᠩᠬ᠎ᠠ ᠤᠳᠠᠭ᠎ᠠ ᠵᠡᠮᠳᠡᠭ᠌ᠴᠦᠳᠦᠨᠣᠯᠢᠮᠫᠢᠺᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ ᠳ᠋ᠤ ᠤᠷᠤᠯᠴᠠᠵᠦ ᠬᠦᠷᠡᠯ ᠮᠧᠳᠠᠯ ᠣᠯᠵᠠᠢ᠃ 2021 ᠣᠨᠳᠤᠶᠠᠫᠣᠨᠤ ᠲᠤᠤᠺᠢᠣ᠋ ᠳ᠋ᠤ ᠶᠠᠪᠤᠭ᠍ᠳᠠᠭ᠍ᠰᠠᠨ 16 ᠳ᠋ᠤᠭᠠᠷ ᠬᠤᠭᠤᠴᠠᠭᠠᠨ᠎ᠤ ᠵᠡᠮᠳᠡᠭ᠌ᠴᠦᠳ᠎ᠦᠨ ᠣᠯᠢᠮᠫᠢᠺᠤᠨᠲᠠᠮᠢᠷᠤᠨ ᠴᠤᠭ᠍ᠯᠠᠭᠠᠨ ᠳᠡᠭᠡᠷ᠎ᠡ ᠰᠦᠨ ᠫᠸᠩ ᠱᠢᠶᠠᠩ ᠠᠯᠳᠠᠨ ᠮᠧᠳᠠᠯ ᠤᠯᠬᠤ ᠬᠦᠰᠡᠯ ᠵᠡᠭᠦᠳᠦ᠍ ᠪᠡᠨ ᠲᠡᠷᠭᠡᠯᠱᠢᠭᠦᠯᠵᠦ᠍᠂ᠬᠠᠷᠢᠴᠠᠯᠠᠱᠢᠭᠦᠢ ᠳᠠᠪᠠᠭᠤᠯᠢᠭ᠎ᠢᠶᠠᠷ ᠡᠷᠡᠭ᠌ᠲᠡᠢ᠎ᠶ᠋ᠢᠨ ᠰᠢᠳᠡᠬᠦᠷ ᠵᠢᠳᠡᠵᠢᠨ᠌ F41 ᠲᠡᠰᠤᠨᠤᠷᠤᠯᠳᠤᠭᠠᠨᠤ ᠠᠯᠳᠠᠨ ᠮᠧᠳᠠᠯ᠎ᠢ ᠰᠢᠬᠦᠷᠦᠭᠰᠡᠨ ᠪᠥᠭᠡᠳ ᠲᠤᠰ ᠲᠦᠷᠦᠯ ᠵᠦᠢᠯ᠎ᠦᠨ ᠳᠡᠯᠡᠬᠡᠢ᠎ᠶ᠋ᠢᠨ ᠲᠡᠮᠳᠡᠭ᠌ᠯᠡᠯᠢᠰᠢᠨᠡᠳᠭᠡᠵᠡᠢ᠃ 2023 ᠣᠨ᠎ᠤ 7 ᠰᠠᠷ᠎ᠠ᠎ᠳᠤ ᠹᠷᠠᠨᠼᠢ᠎ᠶ᠋ᠢᠨ ᠫᠠᠷᠢᠰ᠎ᠲᠤ ᠶᠠᠪᠤᠭ᠍ᠳᠠᠭ᠍ᠰᠠᠨ ᠳᠡᠯᠡᠬᠡᠶᠶ᠋ᠢᠨᠵᠡᠮᠳᠡᠭ᠌ᠴᠦᠳᠦᠨ ᠬᠦᠨᠳᠦ ᠬᠥᠩᠭᠡᠨ ᠪᠡᠶ᠎ᠡ᠎ᠶᠢᠨ ᠲᠠᠮᠢᠷ᠎ᠤᠨ ᠮᠠᠩᠯᠠᠶ ᠱᠢᠯᠭᠠᠷᠠᠭᠤᠯᠬᠤ ᠤᠷᠤᠯᠳᠤᠭᠠᠨ ᠳᠡᠭᠡᠷᠡᠡᠷᠡᠭ᠌ᠲᠡᠶᠶ᠋ᠢᠨ ᠰᠢᠳᠡᠬᠦᠷ ᠵᠢᠳᠠ᠎ᠶᠢᠨ F41 ᠲᠠᠰ᠎ᠤᠨ ᠠᠯᠲᠠᠨ ᠮᠧᠳᠠᠯᠢᠰᠢᠬᠦᠷᠴᠦ᠂ ᠳᠡᠯᠡᠬᠡᠶ᠎ᠶ᠋ᠢᠨ ᠲᠡᠮᠳᠡᠭ᠌ᠯᠡᠯ᠎ᠢ ᠳᠠᠬᠢᠨᠳᠠ ᠰᠢᠨᠡᠳᠭᠡᠪᠠ᠃

ᠰᠦᠨ ᠫᠸᠩ ᠰᠢᠶᠠᠩ ᠤᠷᠤᠯᠳᠤᠭᠠᠨ ᠳᠤᠮᠲᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃