2025-02-02 15:43:23
ᠬᠡᠷ ᠬᠤᠳᠠᠯᠠᠭᠠᠷ᠎ᠢᠶᠡᠨ ᠴᠤᠭᠯᠠᠵᠤ ᠪᠠᠶᠠᠷᠯᠠᠯᠳᠤᠨ ᠨᠠᠷᠬᠢᠯᠳᠤᠬᠤ ᠪᠤᠯ ᠴᠠᠭᠠᠨ ᠰᠠᠷ᠎ᠠ᠎ᠶᠢᠨ ᠮᠦᠨᠭᠬᠡ᠎ᠶᠢᠨ ᠰᠡᠳᠦᠪ᠂ ᠮᠦᠨ ᠴᠤ᠌ ᠬᠠᠮᠤᠭ᠎ᠤᠨ ᠰᠠᠢᠬᠠᠨ 《ᠴᠠᠭᠠᠨ ᠰᠠᠷ᠎ᠠ᠎ᠶᠢᠨ ᠦᠨᠦᠷ ᠠᠮᠲᠠ》 ᠪᠢᠯᠡ᠃ ᠬᠥᠮᠥᠰ ᠬᠠᠮᠢᠭ᠎ᠠ ᠪᠠᠢᠭᠰᠠᠨ ᠴᠤ᠌᠂ ᠭᠡᠷ ᠨᠤᠲᠤᠭ ᠡᠴᠡ᠎ᠪᠡᠨ ᠬᠡᠳᠦᠢ ᠬᠤᠯᠠ ᠪᠠᠢᠭᠰᠠᠨ ᠴᠤ᠌᠂ ᠶᠠᠳᠠᠷᠠᠯ ᠵᠦᠳᠡᠷᠡᠯ᠎ᠢ ᠬᠠᠢᠬᠤᠷᠤᠯ ᠦᠬᠡᠢ ᠪᠡᠷ ᠭᠠᠵᠠᠷ᠎ᠤᠨ ᠬᠤᠯᠠ ᠡᠴᠡ ᠠᠷᠤ ᠭᠡᠷ ᠵᠦᠭ᠎ᠢᠶᠡᠨ ᠲᠡᠮᠡᠦᠯᠬᠦ ᠨᠢ ᠴᠠᠭᠠᠨ ᠰᠠᠷ᠎ᠠ ᠵᠢᠨ ᠤᠨᠴᠠᠭᠠᠢ ᠨᠢᠬᠡᠨ ᠵᠢᠷᠭᠠᠯ ᠠᠵᠢ᠃
《ᠡᠨᠡ ᠡᠳᠦᠷ ᠵᠢᠭᠠᠬᠠᠨ ᠡᠷᠲᠡᠯᠠᠶᠠ᠂ ᠮᠥᠳᠳᠥ ᠴᠢ ᠠᠪᠤ ᠡᠵᠢ᠎ᠳᠦ ᠪᠡᠯᠡᠳᠭᠡᠭᠰᠡᠨ ᠰᠢᠨ᠎ᠡ ᠬᠤᠪᠴᠠᠰᠤ ᠵᠢ ᠲᠡᠷᠭᠡᠨ᠎ᠳᠦ ᠲᠠᠯᠪᠢᠴᠢᠬ᠎ᠠ᠂ ᠪᠢᠳᠡ ᠭᠠᠳᠠᠨ᠎ᠠ ᠡᠴᠡ ᠵᠢᠮᠢᠰ ᠨᠤᠭᠤᠭ᠎ᠠ ᠵᠡᠷᠬᠡ ᠰᠢᠨ᠎ᠡ ᠵᠢᠨ ᠪᠠᠷᠠᠭ᠎ᠠ ᠪᠠᠨ ᠠᠪᠴᠢᠬᠠᠭᠠᠳ ᠰᠢᠭᠤᠳ ᠭᠡᠷ᠎ᠲᠡᠬᠡᠨ ᠬᠠᠷᠢᠶ᠎ᠠ》᠃ ᠯᠠ ᠰᠠᠷ᠎ᠠ᠎ᠶᠢᠨ ᠬᠣᠷᠢᠨ ᠨᠠᠢ᠍ᠮᠠᠨ᠎ᠤ ᠥᠷᠯᠥᠭᠡ ᠡᠷᠲᠡ ᠦᠬᠠᠢ ᠬᠤᠳᠠ᠎ᠶᠢᠨ ᠬᠠᠢᠷᠤᠪ᠎ᠤᠨ ᠲᠣᠬᠣᠢ ᠲᠣᠭᠣᠷᠢᠭ᠋᠎ᠲᠤ ᠰᠠᠭᠤᠭ᠎ᠠ ᠬᠤᠤ ᠵᠠᠨ ᠳ᠋ᠦᠩ ᠪᠦᠰᠡᠬᠦᠢ ᠲᠠᠢ ᠪᠠᠨ ᠬᠤᠶᠠᠭᠤᠯᠠ ᠨᠤᠲᠤᠭ᠎ᠲᠠᠭᠠᠨ ᠬᠠᠷᠢᠵᠤ ᠰᠢᠨᠡᠯᠡᠬᠦ ᠪᠡᠷ ᠪᠡᠯᠡᠳᠬᠡᠵᠦ ᠡᠬᠢᠯᠡᠪᠡ᠃ ᠬᠡᠳᠦᠢᠪᠡᠷ ᠲᠦᠷᠦᠭᠰᠡᠨ ᠨᠤᠲᠤᠭ ᠪᠤᠭᠤᠲᠤ ᠬᠤᠳᠠ᠎ᠶᠢᠨ ᠲᠦᠮᠡᠳ ᠪᠠᠷᠠᠭᠤᠨ ᠬᠣᠰᠢᠭᠤᠨ᠎ᠡᠴᠡ ᠪᠠᠨ 500 ᠭᠠᠷᠤᠢ ᠺᠢᠯᠤᠮᠸᠲᠷ ᠵᠠᠢᠲᠠᠢ ᠪᠠᠢᠵᠤ᠂ ᠲᠡᠷᠭᠡ ᠪᠠᠷᠢᠵᠦ ᠵᠠᠮ ᠬᠦᠬᠡᠬᠡᠬᠦ ᠨᠢ ᠲᠤᠩ ᠵᠦᠳᠡᠷᠡᠯᠲᠡᠢ ᠪᠣᠯᠪᠠᠴᠤ ᠠᠪᠤ ᠡᠵᠢ᠎ᠲᠠᠢ᠎ᠪᠡᠨ ᠵᠤᠯᠭᠠᠬᠤ ᠵᠢ ᠪᠤᠳᠤᠬᠤ ᠪᠦᠷᠢ ᠠᠯᠢᠪᠠ ᠶᠠᠳᠠᠷᠠᠯ ᠵᠦᠳᠡᠷᠡᠯ ᠠᠯᠢ ᠬᠡᠳᠦᠢᠨ ᠮᠠᠷᠲᠠᠭᠳᠠᠳᠠᠭ᠃ 《ᠡᠩ᠎ᠦᠨ ᠴᠠᠭ᠎ᠲᠠᠭᠠᠨ ᠮᠢᠨᠤ ᠠᠵᠢᠯ ᠲᠤᠩ ᠶᠠᠭᠠᠷᠠᠤ᠂ ᠵᠢᠯ᠎ᠳᠡᠭᠡᠨ ᠬᠡᠳᠦ ᠤᠳᠠᠭ᠎ᠠ ᠭᠡᠷ᠎ᠲᠡᠬᠡᠨ ᠬᠠᠷᠢᠵᠤ ᠳᠡᠶ᠋ᠢᠯᠬᠦ ᠦᠭᠡᠢ᠂ ᠡᠢᠮᠦ᠎ᠡᠴᠡ ᠭᠡᠷ᠎ᠲᠡᠬᠡᠨ ᠬᠠᠷᠢᠵᠤ ᠰᠢᠨᠡᠯᠡᠨ᠎ᠡ ᠭᠡᠵᠦ ᠪᠤᠳᠤᠬᠤ᠎ᠲᠠᠢ ᠵᠡᠷᠭᠡ ᠰᠡᠳᠬᠢᠯ ᠲᠤᠬᠳᠤᠯᠤᠨ᠂ ᠨᠠᠳᠠᠳᠦ ᠲᠤᠩ ᠵᠢᠷᠭᠠᠯ᠎ᠲᠠᠢ ᠰᠠᠨᠠᠭᠳᠠᠳᠠᠭ》 ᠭᠡᠵᠦ ᠬᠤᠤ ᠵᠠᠨ ᠳ᠋ᠦᠩ ᠪᠠᠶᠠᠷᠯᠠᠨ ᠬᠡᠯᠡᠨ᠎ᠡ᠃
ᠭᠡᠷ᠎ᠲᠡᠬᠡᠨ ᠬᠠᠷᠢᠵᠤ ᠰᠢᠨᠡᠯᠡᠬᠦ ᠬᠡᠵᠤ ᠨᠢᠬᠡ ᠵᠢᠯ᠎ᠤᠨ ᠬᠠᠮᠤᠭ᠎ᠤᠨ ᠵᠢᠷᠭᠠᠯ ᠲᠠᠢ ᠶᠠᠪᠤᠳᠠᠯ᠃ ᠰᠠᠶᠢᠬᠠᠨ ᠠᠵᠢᠯ᠎ᠳᠤ ᠣᠷᠣᠭᠰᠠᠨ ᠬᠤᠤ ᠰᠢᠦᠸᠠᠨ ᠢ ᠪᠣᠯᠣᠨ ᠬᠤᠤ ᠵᠠᠨ ᠳ᠋ᠦᠩ᠎ᠦᠨ ᠰᠠᠨᠠᠭ᠎ᠠ ᠪᠤᠳᠤᠯ ᠠᠳᠠᠯᠢᠬᠠᠨ ᠪᠠᠢᠯ᠎ᠠ᠃ 《ᠨᠢᠬᠡ ᠴᠠᠭ᠎ᠤᠨ ᠳᠠᠷᠠᠭ᠎ᠠ ᠪᠢ ᠠᠵᠢᠯ᠎ᠡᠴᠡ᠎ᠪᠠᠨ ᠪᠠᠭᠤᠴᠢᠬᠠᠨ᠎ᠠ᠂ ᠤᠳᠠᠯ ᠦᠬᠡᠢ ᠭᠡᠷ᠎ᠲᠡᠬᠡᠨ ᠬᠠᠷᠢᠭᠠᠳ ᠰᠢᠨᠡᠯᠡᠴᠢᠬᠡᠨᠡ!》 ᠪᠢᠲᠡᠭᠦᠨ᠎ᠦ ᠦᠳᠡ᠎ᠶᠢᠨ ᠬᠣᠢᠨ᠎ᠠ᠂ ᠠᠵᠢᠯ᠎ᠤᠨ ᠪᠠᠢᠷᠢ᠎ᠪᠠᠨ ᠰᠠᠬᠢᠵᠤ ᠪᠠᠢᠭᠰᠠᠨ ᠬᠤᠤ ᠰᠢᠦᠸᠠᠨ ᠢ ᠬᠠᠮᠲᠤ ᠠᠵᠢᠯᠯᠠᠭᠴᠢ᠎ᠲᠠᠢ᠎ᠪᠠᠨ ᠭᠡᠷ᠎ᠲᠡᠬᠡᠨ ᠬᠠᠷᠢᠵᠤ ᠰᠢᠨᠡᠯᠡᠬᠦ ᠵᠢᠷᠭᠠᠯᠲᠤ ᠮᠦᠴᠡ ᠪᠡᠨ ᠪᠤᠳᠤᠬᠤ ᠪᠡᠷ ᠰᠡᠳᠬᠢᠯ ᠬᠦᠭᠰᠡᠵᠤ᠄ 《ᠮᠢᠨᠤ ᠡᠪᠦᠭᠡ ᠡᠮᠡᠭᠡ ᠲᠣᠰᠬᠣᠨ᠎ᠳᠤ ᠰᠠᠭᠤᠵᠤ ᠪᠠᠢᠨ᠎ᠠ᠂ ᠵᠢᠯ ᠪᠤᠯᠭᠠᠨ ᠪᠢ ᠠᠪᠤ ᠡᠵᠢ᠎ᠲᠠᠢ᠎ᠪᠡᠨ ᠡᠪᠦᠭᠡ ᠡᠮᠡᠭᠡ᠎ᠶᠢᠨ᠎ᠳᠡᠭᠡᠨ ᠬᠠᠷᠢᠵᠤ ᠰᠢᠨᠡᠯᠡᠳᠡᠭ᠃ ᠲᠣᠰᠬᠣᠨ᠎ᠳᠤ ᠰᠢᠨᠡᠯᠡᠬᠦ ᠨᠢ ᠲᠤᠢᠯ᠎ᠤᠨ ᠬᠦᠷ ᠬᠥᠭᠵᠢᠶᠡᠨ᠎ᠲᠠᠢ᠂ ᠢᠯᠠᠩᠭᠤᠶ᠎ᠠ ᠡᠨᠡ ᠵᠢᠯ ᠪᠣᠯ 〈ᠪᠣᠳᠠᠰ᠎ᠤᠨ ᠪᠤᠰᠤ ᠰᠣᠶᠣᠯ᠎ᠤᠨ ᠥᠪ〉 ᠪᠤᠯᠤᠬᠰᠠᠨ ᠠᠩᠬᠠᠳᠠᠭ᠍ᠴᠢ ᠴᠠᠭᠠᠨ ᠰᠠᠷ᠎ᠠ᠂ ᠲᠣᠰᠬᠣᠨ᠎ᠳᠤ ᠳᠦᠳᠡᠭ ᠭᠠᠯ᠂ ᠴᠡᠴᠡᠭᠲᠦ ᠳ᠋ᠧᠩ ᠰᠣᠨᠢᠷᠬᠠᠬᠤ᠂ ᠶᠠᠩᠭᠠᠷ ᠰᠣᠨᠢᠷᠬᠠᠬᠤ ᠵᠡᠷᠭᠡ ᠤᠯᠠᠮᠵᠢᠯᠠᠯᠲᠤ ᠵᠠᠩ ᠦᠢᠯᠡ ᠪᠦᠬᠦᠢ ᠮᠠᠰᠢ ᠣᠯᠠᠨ ᠠᠵᠢᠯᠯᠠᠭ᠎ᠠ ᠦᠷᠨᠢᠬᠦᠯᠳᠡᠭ ᠁》 ᠬᠡᠯᠡ᠃
《ᠲᠣᠰᠬᠣᠨ᠎ᠤ ᠴᠠᠭᠠᠨ ᠰᠠᠷ᠎ᠠ ᠬᠥᠭᠵᠢᠶᠡᠨ ᠶᠡᠬᠡᠲᠠᠢ᠎ᠪᠡᠷ ᠪᠠᠷᠠᠬᠤ ᠦᠭᠡᠢ ᠲᠣᠰᠬᠣᠨ᠎ᠤ ᠠᠮᠢᠳᠤᠷᠠᠯ᠎ᠤᠨ ᠨᠥᠬᠥᠴᠡᠯ ᠴᠦ᠍ ᠤᠯᠠᠮ᠎ᠡᠴᠡ ᠤᠯᠠᠮ ᠰᠠᠢᠵᠢᠷᠠᠭᠰᠠᠨ᠂ ᠤᠯᠠᠨ᠎ᠢᠶᠠᠷ᠎ᠢᠶᠠᠨ ᠰᠠᠢᠨ᠎ᠢ ᠢᠳᠡᠵᠦ ᠰᠠᠢᠬᠠᠨ᠎ᠢ ᠡᠮᠦᠰᠴᠦ᠂ ᠲᠣᠰᠬᠣᠨ ᠪᠣᠯᠭᠠᠨ᠎ᠳᠤ ᠱᠦᠢᠨᠢ ᠵᠠᠮ ᠨᠡᠪᠳᠡᠷᠡᠵᠦ᠂ ᠡᠷᠦᠬᠡ ᠪᠣᠯᠭᠠᠨ᠎ᠳᠦ WIFI ᠲᠡᠢ ᠪᠤᠯᠵᠦ᠂ ᠬᠥᠮᠥᠨ ᠪᠦᠬᠦᠨ᠎ᠤ ᠴᠢᠷᠠᠢ᠎ᠳᠤ ᠵᠢᠷᠭᠠᠯ᠎ᠤᠨ ᠢᠨᠢᠶᠡᠳᠦ ᠪᠢᠯᠬᠠᠨ᠎ᠠ᠂ ᠡᠨᠡ ᠪᠣᠯ ᠳᠠᠷᠤᠢ ᠬᠥᠳᠡᠭᠡ ᠲᠣᠰᠬᠣᠨ᠎ᠢ ᠪᠦᠬᠦ ᠲᠠᠯ᠎ᠠ᠎ᠪᠠᠷ ᠬᠥᠭᠵᠢᠭᠦᠯᠦᠨ ᠮᠠᠨᠳᠤᠭᠤᠯᠤᠭᠰᠠᠨᠤ ᠬᠤᠷᠢᠶᠠᠩᠭᠤᠢ ᠵᠢᠷᠤᠬᠯᠠᠯ ᠪᠣᠯᠣᠨ᠎ᠠ》 ᠭᠡᠵᠦ ᠬᠤᠤ ᠰᠢᠤᠸᠠᠨ ᠢ᠎ᠶᠢᠨ ᠠᠪᠤ ᠬᠤᠤ ᠮᠢᠩ ᠯᠸ ᠬᠡᠯᠡᠨ᠎ᠡ᠃
ᠡᠨᠡ ᠵᠢᠯ᠎ᠦᠨ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠎ᠳᠦ᠂ ᠰᠠᠭᠤᠷᠢ ᠲᠥᠬᠦᠭᠡᠷᠦᠮᠵᠢ᠎ᠶᠢ ᠬᠥᠳᠡᠭᠡ ᠲᠣᠰᠬᠣᠨ ᠳᠠᠢᠰᠢ ᠤᠷᠳᠤᠰᠬᠠᠬᠤ᠎ᠶᠢ ᠠᠬᠢᠭᠤᠯᠵᠤ᠂ ᠤᠰᠤ ᠬᠡᠷᠡᠭᠯᠡᠬᠦ᠂ ᠴᠠᠬᠢᠯᠭᠠᠨ ᠬᠡᠷᠡᠭᠯᠡᠬᠦ᠂ ᠲᠡᠷᠭᠡ ᠨᠡᠪᠲᠡᠷᠡᠭᠦᠯᠬᠦ᠂ ᠰᠦᠯᠵᠢᠶ᠎ᠡ ᠨᠡᠪᠲᠡᠷᠡᠭᠦᠯᠬᠦ ᠵᠡᠷᠭᠡ ᠪᠦᠲᠦᠭᠡᠨ ᠪᠠᠢᠭᠤᠯᠤᠯᠲᠠ᠎ᠶᠢ ᠨᠢᠭᠡᠳᠦᠯᠲᠡᠢ ᠲᠥᠯᠥᠪᠵᠢᠭᠦᠯᠦᠨ ᠰᠠᠢᠲᠤᠷ ᠠᠳᠬᠤᠵᠤ᠂ ᠬᠥᠳᠡᠭᠡ ᠲᠣᠰᠬᠣᠨ᠎ᠤ ᠵᠠᠰᠠᠮᠠᠯ ᠵᠠᠮ᠎ᠢ 5000 ᠺᠢᠯᠣᠮᠧᠲᠷ ᠰᠢᠨ᠎ᠡ᠎ᠪᠡᠷ ᠲᠠᠪᠢᠰᠴᠤ᠂ 《ᠲᠦᠷᠭᠡᠨ ᠬᠦᠷᠭᠡᠯᠲᠡ ᠬᠦᠳᠡᠭᠡ ᠲᠣᠰᠬᠣᠨ᠎ᠳᠦ ᠣᠷᠣᠬᠤ》 ᠨᠡᠪᠲᠡᠷᠡᠬᠦ ᠨᠣᠷᠮ᠎ᠠ᠎ᠶᠢ 97%᠎ᠡᠴᠡ ᠳᠡᠭᠡᠭᠰᠢ᠎ᠳᠦ ᠬᠦᠷᠬᠡᠬᠦ᠎ᠶᠢ ᠦᠨᠡᠨ ᠬᠦ᠌ ᠪᠠᠲᠤᠯᠠᠵᠤ᠂ ᠨᠥᠬᠥᠴᠡᠯ᠎ᠲᠠᠢ ᠭᠠᠵᠠᠷ ᠣᠷᠣᠨ᠎ᠤ ᠣᠯᠠᠨ ᠨᠡᠶ᠋ᠢᠲᠡ᠎ᠶᠢᠨ ᠴᠠᠬᠢᠯᠭᠠᠨ ᠴᠡᠨᠡᠭᠯᠡᠬᠦ ᠪᠠ ᠰᠤᠯᠢᠬᠤ ᠲᠤᠨᠤᠭ ᠲᠥᠬᠦᠭᠡᠷᠦᠮᠵᠢ ᠪᠠᠶ᠋ᠢᠭᠤᠯᠬᠤ᠎ᠶᠢ ᠵᠣᠷᠢᠭ᠍ᠵᠢᠭᠤᠯᠤᠨ᠎ᠠ ᠭᠡᠵᠦ ᠳᠤᠷᠠᠳᠴᠠᠢ᠃ 《ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠎ᠳᠦ ᠬᠥᠳᠡᠭᠡ ᠲᠣᠰᠬᠣᠨ᠎ᠢ ᠪᠦᠬᠦ ᠲᠠᠯ᠎ᠠ᠎ᠪᠠᠷ ᠬᠥᠭᠵᠢᠭᠦᠯᠦᠨ ᠮᠠᠨᠳᠤᠭᠤᠯᠬᠤ ᠲᠤᠬᠠᠢ ᠪᠠᠢᠷᠢᠯᠠᠭᠤᠯᠵᠡᠢ᠂ ᠬᠣᠵᠢᠮ ᠲᠣᠰᠬᠣᠨ᠎ᠤ ᠲᠤᠨᠤᠭ ᠲᠥᠬᠦᠭᠡᠷᠦᠮᠵᠢ ᠤᠯᠠᠮ᠎ᠡᠴᠡ ᠤᠯᠠᠮ ᠰᠠᠢᠵᠢᠷᠠᠵᠤ᠂ ᠲᠣᠰᠬᠣᠨ᠎ᠤ ᠠᠷᠠᠳ᠎ᠤᠨ ᠵᠢᠷᠭᠠᠯᠲᠦ ᠲᠥᠷᠥᠭᠳᠡᠯ ᠳᠠᠰᠤᠷᠠᠯᠳᠠ ᠦᠭᠡᠢ ᠳᠡᠭᠡᠭᠰᠢᠯᠡᠬᠦ ᠪᠣᠯᠣᠨ᠎ᠠ》 ᠭᠡᠵᠦ ᠬᠤᠤ ᠮᠢᠩ ᠯᠧ ᠬᠡᠯᠡᠪᠡ᠃
ᠴᠠᠭᠠᠨ ᠰᠠᠷ᠎ᠠ ᠭᠡᠷ ᠬᠣᠲᠠᠯᠠᠭᠠᠷ᠎ᠢᠶᠠᠨ ᠰᠢᠷᠡᠬᠡ ᠲᠣᠭᠣᠷᠢᠨ ᠰᠠᠭᠤᠯᠴᠠᠵᠤ᠂ ᠪᠢᠲᠡᠭᠦᠨ᠎ᠦ ᠬᠣᠭᠣᠯᠠ᠎ᠪᠠᠨ ᠢᠳᠡᠵᠦ᠂ ᠥᠪᠡᠷ ᠦᠪᠡᠷ᠎ᠦᠨ ᠠᠵᠢᠯ ᠠᠮᠢᠳᠦᠷᠡᠯ᠎ᠤᠨ ᠲᠦᠰᠦᠪ ᠲᠥᠯᠥᠪᠯᠡᠭᠡ ᠪᠡᠨ ᠶᠠᠷᠢᠵᠤ᠂ ᠭᠡᠷ ᠪᠦᠯᠢ᠎ᠶᠢᠨ᠎ᠢᠶᠡᠨ ᠵᠢᠵᠢᠭ ᠬᠠᠷᠠᠯᠲᠠ᠎ᠶᠢ ᠶᠠᠷᠢᠯᠴᠠᠵᠤ᠂ ᠠᠢᠯ ᠪᠣᠯᠭᠠᠨ ᠵᠣᠯ ᠵᠢᠷᠭᠠᠯᠲᠦ ᠠᠭᠤᠷ ᠠᠮᠢᠰᠬᠤᠯ᠎ᠳᠤ ᠰᠣᠭᠲᠣᠭᠤᠷᠠᠨ᠎ᠠ᠂ ᠡᠨᠡ ᠪᠣᠯ ᠳᠠᠷᠤᠢ ᠭᠡᠷ᠎ᠲᠡᠬᠡᠨ ᠬᠠᠷᠢᠵᠤ ᠰᠢᠨᠡᠯᠡᠬᠦ᠎ᠶᠢᠨ ᠵᠢᠷᠭᠠᠯ ᠪᠢᠯᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃