2025-01-31 11:20:57
ᠴᠠᠭᠠᠨ ᠰᠠᠷ᠎ᠠ ᠬᠦᠷᠴᠦ ᠢᠷᠡᠬᠦ ᠳᠠᠰᠢᠷᠠᠮ ᠢ᠋ᠶ᠋ᠡᠷ ᠥᠪᠥᠷ ᠮᠣᠩᠭᠣᠯ ᠤ᠋ᠨ ᠮᠦᠽᠧᠶ《ᠤᠯᠤᠰ ᠤ᠋ᠨ ᠡᠷᠳᠡᠨᠢ ᠰᠤᠨᠢᠷᠬᠠᠵᠦ ᠴᠠᠭᠠᠨ ᠰᠠᠷ᠎ᠠ ᠪᠡᠷ ᠵᠢᠭᠤᠯᠴᠢᠯᠠᠬᠤ》 ᠭᠤᠤᠯ ᠰᠡᠳᠦᠪ ᠤ᠋ᠨ ᠲᠤᠭᠤᠷᠢᠨ ᠳ᠋ᠦ 100 ᠭᠠᠷᠤᠶ ᠲᠠᠯᠠᠪᠠᠢ ᠠᠵᠢᠯᠯᠠᠭ᠎ᠠ ᠦᠷᠨᠢᠬᠦᠯᠵᠦ᠂ ᠳᠥᠷᠪᠡᠨ ᠵᠦᠭ ᠨᠠᠶ᠋ᠮᠠᠨ ᠵᠣᠪᠬᠢᠰ ᠤ᠋ᠨ ᠦᠵᠡᠭᠴᠢᠳ ᠢ᠋ 《ᠮᠦᠽᠧᠶ ᠳ᠋ᠦ ᠱᠢᠨᠡᠯᠡᠨ》 ᠴᠠᠭᠠᠨ ᠰᠠᠷ᠎ᠠ ᠶ᠋ᠢᠨ ᠰᠣᠶᠣᠯ ᠢ᠋ ᠪᠡᠶᠡᠴᠢᠯᠡᠨ ᠣᠢᠯᠠᠭᠠᠬᠤ ᠵᠢ ᠤᠷᠢᠵᠠᠢ᠃
ᠥᠪᠥᠷ ᠮᠣᠩᠭᠣᠯ ᠤ᠋ᠨ ᠮᠦᠽᠧᠶ ᠴᠠᠭᠠᠨ ᠰᠠᠷ᠎ᠠ ᠵᠢᠨ ᠬᠤᠭᠤᠴᠠᠭᠠᠨ ᠳ᠋ᠤ ᠬᠦᠷᠤᠯᠴᠡᠨ ᠢᠷᠡᠬᠦ ᠬᠤᠳᠠ ᠵᠢᠨ ᠠᠷᠠᠳ ᠪᠠ ᠵᠢᠭᠤᠯᠴᠢᠯᠠᠭᠰᠠᠳ ᠲᠦ᠍《ᠲᠣᠷᠭᠠᠨ ᠵᠠᠮ ᠤ᠋ᠨ ᠭᠠᠢᠬᠠᠮᠰᠢᠭᠳᠦ ᠵᠢᠭᠤᠯᠴᠢᠯᠠᠯ》 ᠵᠢᠡᠷ ᠪᠦᠬᠦ᠌ ᠤᠯᠤᠰ ᠲᠦ᠍ ᠬᠠᠯᠠᠮᠰᠢᠯ ᠪᠤᠯᠵᠦ ᠪᠠᠢᠭ᠎ᠠ ᠲᠤᠮᠤ ᠤᠷᠤᠨ ᠵᠠᠢ ᠶ᠋ᠢᠨ VR ᠲᠦᠬᠦᠭᠡᠷᠦᠮᠵᠢ ᠪᠡᠷ ᠲᠣᠷᠭᠠᠨ ᠵᠠᠮ ᠢ᠋ᠶ᠋ᠠᠷ ᠠᠶᠠᠯᠠᠵᠤ᠂ ᠡᠷᠲᠡᠨ ᠤ᠋ ᠲᠦ᠍ᠷᠭᠠᠨ ᠵᠠᠮ ᠤ᠋ᠨ ᠠᠶᠠᠯᠠᠯ ᠦᠯᠢᠬᠡᠷ ᠢ᠋ ᠨᠢᠳᠦ ᠪᠡᠷ ᠵᠢᠡᠨ ᠦᠵᠡᠨ ᠴᠢᠬᠢ ᠪᠡᠷ ᠢ᠋ᠶ᠋ᠡᠨ ᠰᠤᠨᠤᠰᠴᠤ᠂ ᠬᠡᠢᠰᠪᠦᠷᠢ ᠪᠠ ᠪᠣᠳᠠᠲᠤ ᠠᠬᠤᠶ ᠶ᠋ᠢᠨ ᠬᠣᠭᠣᠷᠣᠨᠳᠣ ᠴᠣ ᠱᠢᠨ᠎ᠡ ᠲᠣᠭᠠᠴᠢᠯᠠᠭ᠍ᠰᠠᠨ ᠰᠣᠶᠣᠯ ᠤ᠋ᠨ ᠦᠵᠡᠰᠭᠦᠯᠡᠩ ᠤ᠋ᠨ ᠷᠢᠳᠢ ᠱᠢᠳᠢ ᠵᠢ ᠮᠡᠳᠡᠷᠡᠬᠦᠯᠤᠨᠠ ; 《ᠴᠠᠭᠠᠨ ᠰᠠᠷ᠎ᠠ ᠶ᠋ᠢᠨ ᠪᠠᠶᠠᠷᠲᠤ ᠴᠤᠭᠯᠠᠭᠠᠨ》ᠳ᠋ᠤ ᠡᠷᠲᠡᠨ ᠤ᠋ ᠬᠤᠪᠴᠠᠰᠤ ᠵᠠᠰᠠᠯ ᠢ᠋ᠶ᠋ᠡᠷ ᠭᠤᠶᠤᠯᠠᠨ᠂ ᠡᠷᠲᠡᠨ ᠤ᠋ ᠤᠯᠠᠮᠵᠢᠯᠠᠯᠲᠤ ᠲᠣᠭ᠍ᠯᠠᠭᠠᠮ ᠢ᠋ ᠪᠡᠶᠡᠴᠢᠯᠡᠨ ᠣᠢᠯᠠᠭᠠᠵᠤ᠂ ᠮᠢᠩᠭᠠᠨ ᠣᠨ ᠤ᠋ ᠴᠠᠭ ᠬᠤᠭᠤᠴᠠᠭ᠎ᠠ ᠵᠢ ᠲᠤᠭᠤᠯᠤᠨ ᠂ ᠤᠯᠠᠮᠵᠢᠯᠠᠯᠳᠦ ᠴᠠᠭᠠᠨ ᠰᠠᠷ᠎ᠠ ᠵᠢ ᠮᠡᠳᠡᠷᠡᠬᠦᠯᠦᠨᠠ; 《ᠥᠪᠥᠷ ᠮᠣᠩᠭᠣᠯ ᠤ᠋ᠨ ᠮᠦᠽᠧᠶ ᠶ᠋ᠢᠨ ᠨᠢᠭᠤᠴᠠ ᠵᠢ ᠬᠠᠢᠵᠤ ᠡᠷᠳᠡᠨᠢ ᠬᠠᠢᠬᠤ》 ᠠᠵᠢᠯᠯᠠᠭ᠎ᠠ ᠳ᠋ᠦ ᠬᠡᠷ ᠪᠦᠯᠢ ᠪᠡᠷ ᠢ᠋ᠶ᠋ᠡᠨ ᠲᠤᠭᠤᠷᠢᠨ ᠵᠤᠭᠠᠴᠠᠭᠰᠠᠳ ᠲᠦ᠍ ᠡᠷᠳᠡᠨᠢ ᠬᠠᠢᠬᠤ ᠠᠵᠢᠯᠯᠠᠭ᠎ᠠ ᠲᠤᠬᠢᠷᠠᠭᠤᠯᠵᠦ ᠂ 50 ᠠᠵᠠ ᠲᠠᠶ ᠦᠵᠡᠭᠴᠢ ᠳ᠋ᠦ ᠭᠣᠢᠳᠠ ᠰᠠᠢᠬᠠᠨ ᠪᠡᠯᠡᠭ ᠭᠠᠷᠳᠠᠭᠤᠯᠤᠨ᠎ᠠ;《ᠬᠠᠳᠤᠨ ᠭᠤᠤᠯ ᠤ᠋ᠨ ᠶᠡᠬᠡ ᠲᠤᠬᠤᠢ》 ᠵᠦᠴᠦᠭᠡᠯᠢᠭ ᠵᠢᠭᠤᠯᠴᠢᠯᠠᠯ ᠳ᠋ᠦ ᠬᠠᠳᠤᠨ ᠭᠤᠤᠯ ᠤ᠋ᠨ ᠰᠤᠶᠤᠯ ᠲᠡᠥᠬᠡ ᠵᠢ ᠤᠢᠯᠠᠭᠠᠭᠤᠯᠤᠨ ᠦᠯᠢᠭᠡᠷ ᠲᠤᠮᠤᠭ ᠂ ᠵᠠᠩ ᠦᠢᠯᠡ ᠪᠠ ᠬᠡᠷᠡᠯ ᠰᠠᠴᠤᠷᠠᠩᠭᠤᠢ ᠰᠤᠶᠤᠯ ᠪᠤᠯᠪᠠᠰᠤᠨ ᠢ᠋ ᠦᠵᠡᠬᠦᠯᠦᠨ᠎ᠠ ᠃ ᠡᠬᠦᠨ ᠡᠴᠡ ᠭᠠᠳᠠᠨ᠎ᠠ ᠪᠠᠰᠠ《ᠬᠦᠬᠡᠭᠴᠢᠨ ᠮᠤᠭᠠᠢ ᠵᠢᠯ ᠤ᠋ᠨ ᠠᠷᠪᠠᠨ ᠬᠤᠶᠠᠷ ᠵᠢᠯ ᠤ᠋ᠨ ᠲᠡᠥᠬᠡ ᠶ᠋ᠢᠨ ᠲᠤᠷᠠᠰᠬᠠᠯᠳᠦ ᠵᠦᠢᠯᠡᠰ ᠤ᠋ᠨ ᠬᠠᠮᠳᠤᠷᠠᠭᠰᠠᠨ ᠦᠵᠡᠬᠦᠯᠬᠡ》᠂ 《ᠤᠨᠳᠤᠷᠤᠰᠢ ᠦᠬᠡᠢ ᠤᠷᠤᠰᠬᠠᠯ — ᠦᠪᠦᠷ ᠮᠤᠨᠭᠭᠤᠯ ᠤ᠋ᠨ ᠬᠠᠳᠤᠨ ᠭᠤᠤᠯ ᠤ᠋ᠨ ᠰᠤᠶᠤᠯ ᠤ᠋ᠨ ᠲᠤᠮᠤ ᠦᠵᠡᠰᠬᠦᠯᠡᠩ》ᠵᠡᠷᠭᠡ ᠦᠵᠡᠰᠬᠦᠯᠡᠩ ᠦᠵᠡᠬᠦᠯᠬᠡ ᠵᠢ ᠲᠤᠬᠢᠷᠠᠭᠤᠯᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃