ᠰᠣᠶᠣᠯ ᠤᠷᠠᠯᠢᠭ > ᠠᠶᠠᠯᠭᠤᠲᠤ ᠵᠢᠭᠤᠯᠴᠢᠯᠠᠯ ᠦᠪᠦᠷ ᠮᠤᠩᠭᠣᠯ

2025-06-23 17:00:33

ᠵᠣᠬᠢᠶᠠᠭ᠍ᠴᠢ᠄ ᠮᠠ ᠹᠠᠩ ᠣᠩᠱᠢᠭ᠍ᠰᠠᠨ ᠣᠳᠠᠭ᠎ᠠ᠄ 3

6 ᠰᠠᠷ᠎ᠠ᠎ᠶᠢᠨ 22 ᠎ᠤᠨ ᠣᠷᠣᠶ᠂ 《ᠠᠶᠠᠯᠭᠤᠳᠦ ᠵᠢᠭᠤᠯᠴᠢᠯᠠᠯ ᠥᠪᠥᠷ ᠮᠣᠩᠭᠣᠯ 》ᠤᠮᠠᠷᠠᠲᠤ᠌ ᠬᠢᠯᠢ᠎ᠶᠢᠨ ᠰᠣᠶᠣᠯ᠎ᠤᠨ ᠠᠵᠢᠯᠯᠠᠭ᠎ᠠ ᠵᠢᠨ ᠤᠯᠠᠷᠢᠯ ᠎ᠤᠨᠡᠬᠢᠯᠡᠯᠲᠡ᠎ᠶᠢᠨ ᠭᠤᠤᠯ ᠰᠡᠳᠦᠪᠲᠦ᠍ ᠲᠣᠭᠯᠠᠯᠲᠠ᠎ᠶᠢᠨ ᠬᠣᠶᠠᠳᠤᠭᠠᠷ ᠲᠠᠯᠠᠪᠠᠶ ᠭᠣᠶ᠋ᠢᠳᠠ ᠰᠠᠶ᠋ᠢᠬᠠᠨ ᠦᠷᠭᠦᠯᠵᠢᠯᠡᠵᠦ᠍᠂ᠬᠥᠬᠡᠬᠣᠲᠠ᠎ᠶᠢᠨ ᠪᠡᠶ᠎ᠡ᠎ᠶᠢᠨ ᠲᠠᠮᠢᠷ᠎ᠤᠨ ᠲᠠᠯᠠᠪᠠᠶ᠎ᠳᠤ ᠬᠥᠮᠦᠰ ᠲᠦᠭᠦᠷᠡᠲᠡᠯ᠎ᠡ ᠰᠠᠭᠠᠲᠠᠵᠤ᠂ ᠡᠨᠡ ᠬᠦ᠌ ᠳᠠᠭᠤᠤᠬᠥᠭᠵᠢᠮ᠎ᠤᠨ ᠦᠪᠡᠳᠡᠭᠰᠢ ᠨᠠᠢᠷ᠎ᠨᠢ 3 ᠲᠦᠮᠡ ᠰᠢᠬᠠᠮ ᠦᠵᠡᠭᠴᠢᠳ᠎ᠦᠨ ᠠᠩᠬᠠᠷᠤᠯ᠎ᠢ ᠲᠠᠲᠠᠪᠠ᠃ ᠬᠣᠶᠠᠷ ᠡᠳᠦᠷ᠎ᠦᠨᠬᠣᠶᠠᠷ ᠲᠠᠯᠠᠪᠠᠢ ᠲᠣᠭᠯᠠᠯᠲᠠ᠎ᠳᠤ 6.5 ᠲᠦᠮᠡᠨ ᠦᠵᠡᠭᠴᠢ ᠤᠷᠤᠯᠴᠠᠬᠰᠠᠨ ᠪᠠᠢᠨ᠎ᠠ᠃


QQ20250623-165948.png


《ᠥᠪᠥᠷ ᠮᠣᠩᠭᠣᠯ᠎ᠤᠨ ᠬᠠᠢᠷ᠎ᠠ》᠂ 《ᠲᠩᠷᠢ᠎ᠶᠢᠨ ᠰᠠᠯᠬᠢ》᠂ 《ᠲᠠᠯ᠎ᠠ ᠨᠤᠲᠤᠭ᠎ᠲᠤ᠌ ᠰᠣᠭᠲᠣᠭᠤᠷᠠᠨ᠎ᠠ》᠂ 《ᠴᠠᠭᠠᠨ ᠡᠭᠦᠯᠡ》᠂ 《ᠪᠠᠶᠠᠷᠯᠠᠨ ᠴᠤᠭᠯᠠᠷᠠᠶ᠎ᠠ》᠂《ᠠᠯᠤᠰ᠎ᠤᠨ ᠠᠮᠠᠷᠠᠭ》᠂ 《ᠨᠤᠳᠤᠭ᠎ᠤᠨ ᠳᠠᠭᠤᠤ ᠪᠠᠨ ᠨᠠᠮ᠎ᠳᠠᠭᠠᠨ ᠰᠣᠨᠣᠰᠬᠠᠶ᠎ᠠ》ᠵᠡᠷᠭᠡ ᠤᠯᠠᠨ ᠶᠠᠩᠵᠤ᠎ᠶᠢᠨ ᠬᠡᠪ ᠨᠠᠮᠪᠠ᠎ᠲᠠᠶ ᠳᠠᠭᠤᠤ᠎ᠨᠤᠭᠤᠳ ᠬᠣᠶ᠋ᠢᠨ᠎ᠠ ᠬᠣᠶ᠋ᠢᠨ᠎ᠠ᠎ᠠᠴᠠ᠎ᠪᠠᠨᠴᠤᠤᠷᠢᠶᠠᠳᠤᠨ᠎ᠠ᠃ ᠬᠣᠶᠠᠳᠤᠭᠠᠷ ᠲᠠᠯᠠᠪᠠᠢ᠎ᠶᠢᠨ ᠲᠣᠭᠯᠠᠯᠲᠠ ᠨᠢ ᠭᠣᠣᠯᠳᠠᠭᠤ ᠬᠠᠮᠳᠤᠯᠢᠭ᠎ᠤᠨ ᠲᠣᠭᠯᠠᠯᠲᠠ᠎ᠪᠠᠷᠭᠣᠣᠯᠯᠠᠵᠤ᠂ ᠱᠦᠢ ᠮᠦ᠍ ᠨᠢᠶᠠᠨ ᠬᠤᠸᠠ ᠬᠠᠮᠳᠤᠯᠢᠭ᠂ ᠤᠯᠠᠭᠠᠨᠲᠤᠶᠠᠭ᠎ᠠ + ᠬᠠᠮᠳᠤᠯᠢᠭ᠂ ᠰᠤᠶᠤᠯᠴᠡᠴᠡᠭ᠂ ᠮᠦᠩᠭᠦᠨ᠂ᠮᠸᠩ ᠸᠸᠨ ᠬᠤᠤ᠎ᠨᠠᠷ ᠪᠣᠯᠤᠨ ᠣᠷᠣᠨ᠎ᠤ ᠳᠣᠲᠣᠷᠠᠬᠢ ᠰᠢᠨ᠎ᠡ ᠨᠢᠭᠡ ᠦᠶ᠎ᠡ᠎ᠶᠢᠨ ᠳᠠᠭᠤᠴᠢᠨ ᠠᠪᠢᠶᠠᠰ᠂ MC ᠲᠤᠮᠤ ᠰᠢᠳᠤ᠂ ᠯᠢ ᠫᠸᠢ ᠰᠢᠤᠸᠠᠨ ᠨᠠᠷ᠎ᠲᠡᠶ ᠳᠠᠭᠤᠯᠠᠪᠠ᠃


QQ20250623-165958.png


ᠳᠠᠰᠤᠯ ᠠᠶᠠᠰ ᠎ᠭᠦᠭᠯᠡᠭᠳᠡᠨ᠂ᠱᠦᠢ ᠮᠦ᠍ ᠨᠢᠶᠠᠨ ᠬᠤᠸᠠ ᠬᠠᠮᠳᠤᠯᠢᠭ ᠰᠣᠩᠭᠣᠳᠠᠭ ᠪᠦᠲᠦᠭᠡᠯ 《ᠬᠠᠷᠢ ᠨᠤᠲᠤᠭ᠎ᠲᠤ᠌》᠂ 《ᠠᠶᠠᠨ ᠵᠠᠮ》᠂ 《ᠨᠠᠰᠤᠨ᠎ᠤ ᠬᠠᠨᠢ》 ᠪᠠᠨ ᠳᠠᠭᠤᠯᠠᠯ᠎ᠠ᠂ ᠦᠵᠡᠭᠴᠢᠳ ᠨᠠᠶ᠋ᠢᠷᠠᠯ ᠳᠠᠭᠤᠤ᠎ᠶᠢᠨ ᠠᠶ᠎ᠠ ᠳᠤᠮᠳᠠᠰᠠᠢ᠌ᠨ ᠰᠠᠶ᠋ᠢᠬᠠᠨ ᠵᠠᠯᠠᠭᠤ ᠨᠠᠰᠤ᠎ᠪᠠᠨ ᠡᠷᠭᠢᠴᠡᠭᠦᠯᠪᠡ᠃ ᠱᠦᠢ ᠮᠦ᠍ ᠨᠢᠶᠠᠨ ᠬᠤᠸᠠ ᠬᠠᠮᠳᠤᠯᠢᠭ᠎ᠤᠨ ᠭᠡᠰᠢᠭᠦᠨᠮᠢᠶᠣᠣ ᠵᠢᠶ᠍ᠸ᠄ 《ᠥᠪᠥᠷ ᠮᠣᠩᠭᠣᠯ᠎ᠤᠨᠠᠭᠤᠷ ᠠᠮᠢᠰᠬᠤᠯ ᠲᠠᠭᠠᠯᠠᠮᠵᠢᠲᠠᠢ᠂ ᠥᠪᠥᠷ ᠮᠣᠩᠭᠣᠯ᠎ᠤᠨ ᠳᠠᠭᠤᠤ ᠬᠥᠭᠵᠢᠮ ᠰᠤᠨᠤᠰᠪᠦᠷᠢᠳᠠᠢ᠃ ᠲᠠ ᠨᠠᠷ ᠤ᠋ᠨᠥᠪᠥᠷ ᠮᠣᠩᠭᠣᠯ᠎ᠳᠤ ᠰᠠᠭᠠᠳᠠᠨ ᠦᠵᠡᠮᠵᠢ ᠰᠣᠨᠢᠷᠬᠠᠵᠤ᠂ ᠠᠮᠲᠠᠲᠤ᠌ ᠢᠳᠡᠭᠡᠨ ᠠᠮᠲᠠᠯᠠᠵᠤ᠂ ᠳᠠᠭᠤᠤ ᠬᠥᠭᠵᠢᠮ ᠰᠣᠨᠣᠰᠬᠤ᠎ᠶᠢᠪᠠᠶᠠᠷᠯᠠᠨ ᠤᠭᠲᠤᠵᠤ ᠪᠠᠢᠨ᠎ᠠ》ᠭᠡᠯ᠎ᠠ᠃

《ᠲᠠᠨ᠎ᠳᠤ ᠴᠠᠭᠠᠨ ᠡᠭᠦᠯᠡ ᠬᠦᠷᠭᠡᠵᠦ᠍᠂ ᠲᠠᠨ᠎ᠳᠤ ᠭᠢᠯᠠᠯᠵᠠᠮ᠎ᠠ ᠤᠳᠤᠨ ᠭᠠᠷᠠᠭ ᠬᠦᠷᠭᠡᠨ᠎ᠡ᠁》ᠬᠥᠷ ᠬᠥᠭᠵᠢᠶᠡᠨᠲᠡᠶ ᠠᠭᠤᠷ ᠠᠮᠢᠰᠬᠤᠯ᠎ᠤᠨ ᠳᠤᠮᠳᠠ᠂ ᠤᠯᠠᠭᠠᠨᠲᠤᠶᠠᠭ᠎ᠠᠬᠠᠮᠳᠤᠯᠢᠭ ᠳᠠᠢ ᠪᠡᠨ 《ᠪᠥᠵᠢᠭᠯᠡᠶ᠎ᠡ 》᠂ 《ᠲᠩᠷᠢ᠎ᠶᠢᠨ ᠬᠠᠶᠠᠭ᠎ᠠ》᠂ 《ᠤᠷᠭ᠎ᠠ 》ᠭᠡᠬᠦ᠌ ᠭᠤᠷᠪᠠᠨ ᠳᠠᠭᠤᠤ᠎ᠶᠢ ᠵᠠᠯᠭᠠᠭ᠎ᠠ᠎ᠪᠠᠷ ᠳᠠᠭᠤᠯᠠᠵᠤ᠂ ᠲᠤᠬᠠᠶ ᠎ᠶᠢᠨ ᠲᠠᠯᠠᠪᠠᠶ ᠎ᠶᠢᠨᠦᠵᠡᠭᠴᠢᠳ ᠎ᠦᠨ ᠬᠠᠯᠠᠭᠤᠨ ᠰᠡᠳᠬᠢᠯᠭᠡ ᠎ᠶᠢ ᠬᠥᠭᠵᠢᠭᠡᠪᠡ᠃ ᠤᠯᠠᠭᠠᠨᠲᠤᠶᠠᠭ᠎ᠠ᠄ 《ᠲᠠᠯ᠎ᠠ ᠨᠤᠲᠤᠭ᠎ᠤᠨ ᠬᠠᠮᠤᠭ᠎ᠤᠨ ᠭᠤᠶᠤ ᠤᠯᠠᠷᠢᠯ᠎ᠳᠤ ᠪᠢᠳᠡ ᠪᠦᠬᠦ᠌ᠤᠯᠤᠰ ᠴᠢᠨᠠᠭᠰᠢᠯᠠᠪᠠᠯ ᠳᠡᠯᠡᠬᠡᠢ ᠳ᠋ᠠᠬᠢᠨ ᠤ᠋ ᠨᠠᠶ᠋ᠢᠵᠨ᠎ᠨᠠᠷ᠎ᠢ ᠨᠤᠲᠤᠭ ᠲᠠᠭᠠᠨ ᠤᠷᠢᠵᠤ᠂ ᠡᠪᠡᠰᠦ ᠪᠡᠯᠴᠢᠭᠡᠷᠰᠠᠶ᠋ᠢᠲᠠᠢ ᠲᠠᠯ᠎ᠠ ᠨᠤᠲᠤᠭ᠎ᠢᠶᠠᠨ ᠰᠣᠨᠢᠷᠬᠠᠭᠤᠯᠤᠨ᠎ᠠ᠂ ᠡᠨᠳᠡ ᠳᠠᠭᠤᠤ ᠪᠥᠵᠢᠭ ᠪᠠᠶ᠋ᠢᠬᠤ᠎ᠪᠠᠷ ᠪᠠᠷᠠᠬᠤ ᠦᠬᠡᠢ᠂ᠪᠠᠰᠠ ᠤᠯᠠᠨ᠎ᠤ ᠬᠦᠰᠡᠨ ᠮᠥᠷᠥᠭᠡᠳᠴᠦ᠍ ᠪᠠᠶ᠋ᠢᠭ᠎ᠠ ᠰᠢᠯᠦᠭ ᠪᠣᠯᠤᠨ ᠠᠯᠤᠰ ᠬᠤᠯᠠ᠎ᠶᠢᠨ ᠬᠦᠰᠡᠯ ᠮᠥᠷᠥᠭᠡᠳᠦᠯ᠎ᠪᠠᠢᠳᠠᠬ》 ᠭᠡᠯ᠎ᠠ᠃


QQ20250623-170007.png


ᠪᠦᠬᠦ᠌ ᠲᠠᠯᠠᠪᠠᠢ ᠲᠣᠭᠯᠠᠯᠲᠠ ᠨᠢ 《ᠥᠪᠥᠷ ᠮᠣᠩᠭᠣᠯ᠎ᠳᠤ ᠬᠦᠴᠦᠨ ᠨᠡᠮᠡᠷᠢᠯᠡᠶ᠎ᠡ》ᠭᠡᠬᠦ᠌ ᠳᠠᠭᠤᠤ᠎ᠪᠠᠷ ᠥᠨᠳᠥᠷᠯᠡᠪᠡ᠃ ᠤᠮᠠᠷᠠᠲᠤ᠌ ᠬᠢᠯᠢ ᠎ᠶᠢᠨ ᠰᠣᠶᠣᠯ ᠎ᠤᠨ ᠠᠵᠢᠯᠯᠠᠭ᠎ᠠ ᠎ᠶᠢᠨᠤᠯᠠᠷᠢᠯ ᠎ᠤᠨ ᠭᠤᠤᠯ ᠰᠡᠳᠦᠪᠲᠦ᠍ ᠲᠣᠭᠯᠠᠯᠲᠠ᠎ᠶᠢ ᠡᠬᠢᠯᠡᠭᠦᠯᠦᠭᠰᠡᠨ᠎ᠨᠢ ᠣᠯᠠᠨ ᠲᠦᠮᠡᠨ᠎ᠦ ᠦᠵᠡᠵᠦ᠍ ᠰᠣᠨᠢᠷᠬᠠᠬᠤᠳᠤᠷᠠᠲᠠᠶ ᠤᠷᠠᠨ ᠰᠠᠶ᠋ᠢᠬᠠᠨ᠎ᠤ ᠲᠣᠭᠯᠠᠯᠲᠠ᠎ᠶᠢᠨ ᠬᠡᠯᠪᠡᠷᠢ᠎ᠪᠡᠷ ᠳᠠᠮᠵᠢᠭᠤᠯᠤᠨ ᠤᠮᠠᠷᠠᠲᠤ᠌ ᠬᠢᠯᠢ᠎ᠶᠢᠨ ᠰᠣᠶᠣᠯ᠎ᠤᠨᠪᠠᠶ᠋ᠢᠭᠤᠯᠤᠯᠲᠠ᠎ᠶᠢᠨ ᠦᠷ᠎ᠡ ᠪᠦᠲᠦᠭᠡᠯ᠎ᠢ ᠣᠯᠠᠨ ᠲᠦᠮᠡᠨ᠎ᠳᠦ ᠬᠠᠮᠲᠤ᠎ᠪᠠᠷ ᠡᠳ᠋ᠯᠡᠭᠦᠯᠬᠦ᠌᠎ᠶᠢ ᠵᠤᠷᠢᠯ᠎ᠠ᠃ᠣᠯᠠᠨ ᠲᠦᠮᠡᠨ᠎ᠳᠦ ᠠᠰᠢᠭ ᠬᠦᠷᠲᠡᠭᠡᠬᠦ᠌᠎ᠶᠢᠨ ᠲᠥᠯᠥᠭᠡ᠂ ᠬᠣᠶᠠᠷ ᠲᠠᠯᠠᠪᠠᠢ ᠲᠣᠮᠣ ᠬᠡᠯᠪᠡᠷᠢ᠎ᠶᠢᠨ ᠲᠣᠭᠯᠠᠯᠲᠠᠳ᠋ᠤ ᠬᠠᠮᠤᠭ᠎ᠤᠨ ᠥᠨᠳᠥᠷ᠎ᠨᠢ 49.9 ᠲᠥᠭᠥᠷᠢᠭ᠂ ᠬᠠᠮᠤᠭ᠎ᠤᠨ ᠳᠤᠤᠷ᠎ᠠ᠎ᠨᠢ 9.9 ᠲᠥᠭᠥᠷᠢᠭ᠎ᠦᠨ ᠠᠷᠠᠳ᠎ᠲᠤ᠌ ᠠᠰᠢᠭᠬᠦᠷᠲᠡᠭᠡᠬᠦ᠌ ᠪᠢᠯᠧᠲ ᠭᠠᠷᠭᠠᠪᠠ᠃


QQ20250623-170018.png


ᠣᠶ᠋ᠢᠯᠠᠭᠠᠭᠰᠠᠨ᠎ᠢᠶᠠᠷ᠂ ᠤᠮᠠᠷᠠᠲᠤ᠌ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠤᠯᠠᠷᠢᠯ᠎ᠨᠢ6 ᠰᠠᠷ᠎ᠠ᠎ᠶᠢᠨ 21 ᠎ᠦ ᠡᠳᠦᠷ᠎ᠡᠴᠡ 9 ᠰᠠᠷ᠎ᠠ᠎ᠶᠢᠨ 26 ᠎ᠤ ᠡᠳᠦᠷ ᠪᠣᠯᠲᠠᠯ᠎ᠠ ᠶᠠᠪᠤᠬᠳᠠᠵᠥ᠂ ᠬᠡᠰᠡᠭ ᠦᠵᠡᠭᠦᠯᠭᠡᠵᠢᠨ ᠲᠥᠷᠥᠯ ᠵᠦᠢᠯ᠎ᠨᠢ 10 ᠰᠠᠷ᠎ᠠ ᠪᠣᠯᠲᠠᠯ᠎ᠠ ᠦᠷᠭᠦᠯᠵᠢᠯᠡᠵᠦ᠍᠂ ᠡᠨᠡᠬᠦ᠌ ᠬᠤᠭᠤᠴᠠᠭᠠᠨ᠎ᠳᠤ ᠠᠷᠠᠳ᠎ᠲᠤ᠌ ᠠᠰᠢᠭᠬᠦᠷᠲᠡᠭᠡᠬᠦ᠌ ᠬᠡᠯᠪᠡᠷᠢ᠎ᠪᠡᠷ ᠪᠥᠬᠥ᠌ ᠣᠷᠣᠨ᠎ᠳᠤ ᠵᠠᠯᠭᠠᠭ᠎ᠠ᠎ᠪᠠᠷ 75 ᠵᠦᠢᠯ᠎ᠦᠨ ᠠᠵᠢᠯᠯᠠᠭ᠎ᠠ ᠥᠷᠨᠢᠭᠦᠯᠵᠦ᠍᠂ᠤᠮᠠᠷᠠᠲᠤ᠌ ᠬᠢᠯᠢ ᠎ᠶᠢᠨ ᠰᠣᠶᠣᠯ ᠎ᠤᠨ ᠪᠠᠶ᠋ᠢᠭᠤᠯᠤᠯᠲᠠ᠎ᠶᠢᠨ ᠦᠷ᠎ᠡ ᠪᠦᠲᠦᠭᠡᠯ᠎ᠢ ᠲᠥᠪᠯᠡᠷᠡᠭᠦᠯᠦᠨ ᠤᠬᠠᠭᠤᠯᠵᠤᠳᠡᠯᠭᠡᠨ ᠦᠵᠡᠭᠦᠯᠵᠦ᠍᠂ ᠤᠮᠠᠷᠠᠲᠤ᠌ ᠬᠢᠯᠢ᠎ᠶᠢᠨ ᠰᠣᠶᠣᠯ᠎ᠤᠨ ᠲᠥᠷᠥᠯ ᠲᠡᠮᠳᠡᠭ᠎ᠢ ᠤᠯᠠᠮ ᠨᠢᠭᠡ ᠠᠯᠬᠤᠮ ᠡᠭᠦᠳᠬᠦ᠌ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面