2025-06-24 11:22:22
《ᠠᠶᠠᠯᠭᠤᠳᠤ ᠵᠢᠭᠤᠯᠴᠢᠯᠠᠯ ᠥᠪᠥᠷ ᠮᠣᠩᠭᠣᠯ》ᠤᠮᠠᠷᠠᠲᠤ ᠬᠢᠯᠢ ᠶ᠋ᠢᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ 2 ᠲᠠᠯᠠᠪᠤᠷ ᠡᠬᠢᠯᠡᠯᠲᠡ ᠶ᠋ᠢᠨ ᠭᠤᠤᠯ ᠰᠡᠳᠦᠪᠲᠦ ᠲᠣᠭ᠍ᠯᠠᠯᠲᠠ ᠲᠤᠰ ᠲᠤᠰ 6 ᠰᠠᠷ᠎ᠠ ᠶ᠋ᠢᠨ 21 ᠪᠠ 22 ᠤ᠋ᠨ ᠤᠷᠤᠢ ᠬᠥᠬᠡᠬᠣᠲᠠ ᠶ᠋ᠢᠨ ᠪᠡᠶ᠎ᠡ ᠶ᠋ᠢᠨ ᠲᠠᠮᠢᠷ ᠤ᠋ᠨ ᠲᠠᠯᠠᠪᠠᠢ ᠳ᠋ᠤ ᠶᠠᠪᠤᠭ᠍ᠳᠠᠵᠦ᠂ ᠨᠡᠢᠳᠡ 6.5 ᠲᠦᠮᠡ ᠭᠠᠷᠤᠢ ᠦᠵᠡᠭᠴᠢ ᠵᠢ ᠠᠬᠤᠢ ᠲᠠᠯᠠᠪᠠᠢ ᠳ᠋ᠤ ᠲᠠᠳᠠᠭᠰᠠᠨ ᠪᠠᠢᠨ᠎ᠠ᠃
ᠨᠢᠬᠡᠳᠤᠬᠡᠷ ᠲᠠᠯᠠᠪᠤᠷ ᠤ᠋ᠨ ᠲᠤᠭᠯᠠᠯᠳᠠ ᠳ᠋ᠤ ᠹᠠᠩ ᠵᠢᠨ ᠯᠦᠩ᠂ ᠮᠧᠩ ᠲᠢᠩ ᠸᠧᠢ ᠵᠡᠷᠭᠡ ᠠᠯᠳᠠᠷᠳᠦ ᠤᠷᠠᠯᠢᠭᠴᠢᠨ ᠪᠤᠯᠤᠨ ᠦᠪᠤᠷ ᠮᠤᠩᠭᠤᠯ ᠤ᠋ᠨ ᠠᠨᠳᠠ ᠬᠠᠮᠳᠤᠯᠢᠭ ᠂ ᠡᠷᠬᠦᠨ᠎ᠠ ᠬᠠᠮᠳᠤᠯᠢᠭ᠂ ᠬᠦᠰᠡᠯᠡᠩ᠂ ᠨᠠᠷᠠᠰᠤ ᠂ ᠤᠷᠴᠢᠯᠠᠩ᠂ ᠠᠮᠤᠭᠤᠯᠠᠩ ᠵᠡᠷᠭᠡ ᠰᠤᠳᠤᠨ ᠳᠠᠭᠤᠴᠢᠳ ᠪᠠ ᠬᠠᠮᠳᠤᠯᠢᠭ ᠡᠴᠡ《ᠬᠤᠨ ᠭᠠᠯᠠᠭᠤ》᠂《ᠭᠠᠩᠭᠠᠩ ᠨᠤᠲᠤᠭ》᠂ 《ᠨᠠᠢᠷᠯᠠᠨ ᠳᠠᠭᠤᠯᠠᠶ᠎ᠠ》᠂ 《ᠪᠢᠴᠢᠬᠠᠨ ᠴᠠᠭᠠᠨ ᠤᠯᠢᠶᠠᠰᠤ》᠂ 《ᠮᠠᠯᠵᠢᠯ ᠤ᠋ᠨ ᠳᠠᠭᠤᠤ》᠂《ᠤᠪᠤᠭᠠᠨ ᠳ᠋ᠡᠬᠢ ᠠᠭᠤᠯᠵᠠᠯᠳᠠ》 ᠵᠡᠷᠭᠡ 17 ᠰᠤᠳᠤᠨ ᠲᠤᠭᠯᠠᠯᠳᠠ ᠭᠠᠷᠭᠠᠵᠠᠢ᠃ ᠬᠤᠶᠠᠳᠤᠭᠠᠷ ᠲᠠᠯᠠᠪᠤᠷ ᠤ᠋ᠨ ᠲᠤᠭᠯᠠᠯᠳᠠ ᠳ᠋ᠤ ᠬᠠᠮᠳᠤᠯᠢᠭ ᠤ᠋ᠨ ᠲᠣᠭ᠍ᠯᠠᠯᠲᠠ ᠪᠠᠷ ᠭᠣᠣᠯ ᠪᠣᠯᠭᠠᠨ ᠱᠢᠨ᠎ᠡ ᠬᠥᠮᠦᠨ ᠤ᠋ ᠱᠢᠨ᠎ᠡ ᠪᠦᠲᠦᠭᠡᠯ ᠢ᠋ ᠬᠠᠪᠰᠤᠷᠭᠠᠵᠤ᠂ ᠱᠦᠢ ᠮᠦ᠍ ᠨᠢᠶᠠᠨ ᠬᠤᠸᠠ ᠬᠠᠮᠳᠤᠯᠢᠭ᠂ ᠳᠠᠭᠤᠴᠢᠨ ᠤᠯᠠᠭᠠᠨᠲᠤᠶᠠᠭ᠎ᠠ᠂ ᠰᠤᠶᠤᠯᠴᠠᠴᠡᠭ᠂ ᠮᠦᠩᠬᠦᠨ᠂ ᠮᠸᠩ ᠸᠸᠨ ᠬᠤᠤ ᠪᠤᠯᠤᠨ ᠣᠷᠣᠨ ᠤ᠋ ᠳᠣᠲᠣᠷᠠᠬᠢ ᠱᠢᠨ᠎ᠡ ᠦᠶ᠎ᠡ ᠶ᠋ᠢᠨ ᠳᠠᠭᠤᠴᠢᠨ ᠠᠪᠢᠶᠠᠰ᠂ MC ᠂ ᠯᠢ ᠫᠸᠢ ᠱᠢᠤᠸᠠᠨ ᠨᠠᠷ ᠡᠴᠡ 《ᠬᠠᠢᠷ᠎ᠠ ᠰᠢᠩᠭᠡᠭᠰᠡᠨ ᠥᠪᠥᠷ ᠮᠣᠩᠭᠣᠯᠮᠢᠨᠢ》᠂ 《ᠲᠩᠷᠢ ᠶ᠋ᠢᠨ ᠰᠠᠯᠬᠢ》᠂ 《ᠦᠵᠡᠮᠵᠢ ᠳᠡᠬᠦᠰ ᠲᠠᠯ᠎ᠠ ᠨᠤᠲᠤᠭ》᠂ 《ᠳᠠᠭᠤᠤ ᠮᠢᠨᠢ ᠠᠮᠢᠯᠠᠵᠦ ᠨᠢᠰᠦᠨ᠎ᠠ》᠂ 《ᠴᠡᠩᠬᠡᠷ ᠴᠠᠭᠠᠨ ᠡᠬᠦᠯᠡ》᠂ 《ᠬᠠᠮᠳᠤ ᠪᠡᠷ ᠨᠠᠢᠷᠯᠠᠶ᠎ᠠ》᠂ 《ᠬᠠᠷᠢ ᠨᠤᠲᠤᠭ ᠲᠦ᠍》᠂《ᠨᠠᠰᠤᠨ ᠤ᠋ ᠬᠠᠨᠢ》 ᠵᠡᠷᠭᠡ 15 ᠲᠤᠭᠯᠠᠯᠳᠠ ᠭᠠᠷᠭᠠᠵᠠᠢ᠃
ᠤᠮᠠᠷᠠᠲᠤ ᠬᠢᠯᠢ ᠶ᠋ᠢᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ 2 ᠲᠠᠯᠠᠪᠤᠷ ᠡᠬᠢᠯᠡᠯᠲᠡ ᠶ᠋ᠢᠨ ᠭᠤᠤᠯ ᠰᠡᠳᠦᠪᠲᠦ ᠲᠣᠭ᠍ᠯᠠᠯᠲᠠ ᠨᠢ ᠣᠯᠠᠨ ᠲᠦᠮᠡᠨ ᠤ᠋ ᠦᠵᠡᠵᠦ᠍ ᠰᠣᠨᠢᠷᠬᠠᠬᠤ ᠳᠤᠷᠠᠲᠠᠶ ᠤᠷᠠᠨ ᠰᠠᠢᠬᠠᠨ ᠤ᠋ ᠲᠣᠭ᠍ᠯᠠᠯᠲᠠ ᠶ᠋ᠢᠨ ᠬᠡᠯᠪᠡᠷᠢ ᠪᠡᠷ ᠤᠮᠠᠷᠠᠲᠤ ᠬᠢᠯᠢ ᠶ᠋ᠢᠨ ᠰᠣᠶᠣᠯ ᠤ᠋ᠨ ᠪᠠᠢᠭᠤᠯᠤᠯᠲᠠ ᠶ᠋ᠢᠨ ᠦᠷ᠎ᠡ ᠪᠦᠲᠦᠭᠡᠯ ᠢ᠋ ᠨᠠᠩ ᠣᠯᠠᠨ ᠬᠦᠮᠦᠨ ᠳ᠋ᠤ ᠡᠳ᠋ᠯᠡᠭᠦᠯᠬᠦ ᠵᠢᠨ ᠲᠦᠯᠦᠬᠡ ᠠᠷᠠᠳ ᠲᠦ᠍ ᠠᠱᠢᠭ ᠬᠦᠷᠲᠡᠭᠡᠬᠦ᠌ ᠬᠢᠮᠳᠠ ᠦᠨ᠎ᠠ ᠵᠢᠨ ᠪᠢᠯᠧᠲ ᠭᠠᠷᠭᠠᠵᠤ᠂ ᠰᠤᠩᠭᠤᠳᠠᠭ ᠳᠠᠭᠤᠤ ᠬᠢᠭᠡᠳ ᠰᠢᠨ᠎ᠠ ᠳᠠᠭᠤᠤ ᠵᠢᠨ ᠲᠤᠭᠯᠠᠯᠳᠠ ᠪᠡᠷ ᠤᠮᠠᠷᠠᠳᠦ ᠬᠢᠯᠢ ᠵᠢᠨ ᠰᠤᠶᠤᠯ ᠤᠷᠠᠯᠢᠭ ᠤ᠋ᠨ ᠠᠮᠵᠢᠯᠳᠠ ᠵᠢ ᠦᠵᠡᠭᠴᠢ ᠲᠦᠮᠡᠨ ᠳ᠋ᠦ ᠡᠳ᠋ᠯᠡᠬᠦᠯᠵᠦ᠂ ᠪᠠᠰᠠ ᠪᠤᠰᠤᠳ ᠭᠠᠵᠠᠷ ᠤᠷᠤᠨ ᠬᠢᠭᠡᠳ ᠤᠷᠠᠯᠢᠭᠴᠢᠳ ᠯᠤᠭ᠎ᠠ ᠰᠤᠯᠢᠯᠴᠠᠭ᠎ᠠ ᠬᠠᠷᠢᠯᠴᠠᠭ᠎ᠠ ᠪᠠᠨ ᠴᠢᠩᠭᠠᠳᠬᠠᠵᠠᠢ᠃ ᠵᠠᠯᠭᠠᠭᠠᠳ ᠶᠠᠪᠤᠭᠳᠠᠬᠤ ᠤᠮᠠᠷᠠᠲᠤ ᠬᠢᠯᠢ ᠶ᠋ᠢᠨ ᠰᠣᠶᠣᠯ ᠤ᠋ᠨ ᠠᠵᠢᠯᠯᠠᠭ᠎ᠠ ᠶ᠋ᠢᠨ ᠤᠯᠠᠷᠢᠯ ᠤ᠋ᠨ ᠰᠢᠷᠢᠰ ᠠᠵᠢᠯᠯᠠᠭ᠎ᠠ ᠨᠢ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠳᠤ ᠴᠤᠭᠴᠠᠯᠠᠬᠤ ᠭᠤᠤᠯ ᠱᠢᠵᠢᠮ ᠤ᠋ᠨ ᠲᠣᠭᠣᠷᠢᠨ ᠳ᠋ᠦ ᠥᠪᠥᠷ ᠮᠣᠩᠭᠣᠯ ᠤ᠋ᠨ ᠤᠳᠭ᠎ᠠ ᠤᠷᠠᠯᠢᠭ ᠤ᠋ᠨ ᠪᠦᠳᠦᠬᠡᠯ ᠬᠢᠭᠡᠳ ᠤᠷᠠᠯᠢᠭᠴᠢᠳ ᠢ᠋ ᠲᠥᠪᠯᠡᠷᠡᠭᠦᠯᠤᠨ᠂ ᠦᠵᠡᠯ ᠰᠠᠨᠠᠭ᠎ᠠ ᠨᠢ ᠬᠦᠨ ᠭᠦᠨᠵᠡᠭᠡᠶ᠂ ᠤᠷᠠᠯᠢᠭ ᠤ᠋ᠨ ᠲᠦᠪᠰᠢᠨ ᠵᠢᠡᠷ ᠦᠨᠳᠦᠷ ᠱᠢᠯᠢᠳᠡᠭ ᠰᠠᠢᠨ ᠪᠦᠲᠦᠭᠡᠯ ᠢ᠋ ᠱᠢᠯᠢᠨ ᠰᠣᠩᠭᠣᠵᠤ᠂ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠱᠢᠯᠢᠳᠡᠭ ᠰᠣᠶᠣᠯ ᠤ᠋ᠨ ᠡᠬᠢ ᠪᠠᠶᠠᠯᠢᠭ ᠢ᠋ ᠣᠷᠣᠭᠤᠯᠤᠨ ᠠᠪᠴᠢᠷᠠᠵᠤ᠂ ᠵᠢᠱ᠌ᠢᠶ᠎ᠡ ᠦᠵᠡᠭᠦᠯᠬᠦ᠌ ᠴᠢᠨᠠᠷᠲᠠᠶ᠂ ᠬᠥᠲᠥᠯᠥᠨ ᠳᠠᠭᠠᠭᠤᠯᠬᠤ ᠴᠢᠨᠠᠷᠲᠠᠶ ᠤᠳᠭ᠎ᠠ ᠤᠷᠠᠯᠢᠭ ᠤ᠋ᠨ ᠰᠣᠳᠣᠨ ᠪᠦᠲᠦᠭᠡᠯ ᠢ᠋ ᠵᠣᠬᠢᠶᠠᠨ ᠪᠦᠲᠦᠭᠡᠵᠦ᠍᠂ ᠰᠦᠯᠵᠢᠶᠡᠨ ᠳᠡᠭᠡᠷᠡᠬᠢ ᠪᠠ ᠠᠬᠤᠢ ᠳᠠᠯᠠᠪᠠᠢ᠂ ᠲᠢᠶᠠᠲ᠋ᠷ ᠤ᠋ᠨ ᠳᠣᠲᠣᠨ᠎ᠠ ᠭᠠᠳᠠᠨᠠᠬᠢ ᠵᠢ ᠬᠦᠨᠵᠡᠬᠡᠢ ᠠᠭᠤᠰᠤᠯᠴᠠᠭᠤᠯᠤᠭᠰᠠᠨ ᠰᠣᠶᠣᠯ ᠤ᠋ᠨ ᠪᠡᠶᠡᠴᠢ ᠤᠢᠯᠠᠭᠠᠯᠳᠠ ᠶ᠋ᠢ ᠪᠡᠶᠡᠯᠡᠭᠦᠯᠵᠦ᠍᠂ ᠣᠯᠠᠨ ᠲᠦᠮᠡᠨ ᠤ᠋ ᠰᠣᠶᠣᠯ ᠤ᠋ᠨ ᠬᠡᠷᠡᠭ᠌ᠴᠡᠭᠡ ᠶ᠋ᠢ ᠬᠠᠩᠭᠠᠨ᠂ ᠤᠮᠠᠷᠠᠲᠤ ᠬᠢᠯᠢ ᠶ᠋ᠢᠨ ᠰᠣᠶᠣᠯ ᠤ᠋ᠨ ᠲᠥᠷᠥᠯ ᠲᠡᠮᠳᠡᠭ ᠢ᠋ ᠤᠯᠠᠮ ᠲᠠᠭᠤᠷᠢᠰᠤᠭᠤᠯᠬᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃