2025-07-09 11:51:18
ᠤᠮᠠᠷᠠᠳᠦ ᠬᠢᠯᠢ᠎ᠶ᠋ᠢᠨ ᠰᠤᠶᠤᠯ᠎ᠤᠨ ᠠᠵᠢᠯᠯᠠᠭ᠎ᠠ ᠶ᠋ᠢᠨ ᠤᠯᠠᠷᠢᠯ·《ᠰᠡᠳᠭᠢᠯ ᠨᠢᠭᠡᠳᠦᠭ᠌ᠰᠡᠨ ᠠᠶᠠᠯᠭᠤ》 ᠬᠦᠬᠡᠬᠤᠳᠠ᠎ᠳᠤ ᠠᠩᠬᠠᠨ ᠦ ᠳᠤᠭ᠍ᠯᠠᠯᠳᠠ᠎ᠪᠠᠨ ᠡᠬᠢᠯᠡᠬᠦᠯᠦᠯ᠎ᠡ!
7 ᠰᠠᠷ᠎ᠠ ᠶ᠋ᠢᠨ 6᠎ᠡᠴᠡ 7᠎ᠤ ᠡᠳᠦᠷ ᠪᠤᠯᠲᠠᠯ᠎ᠠ᠂ ᠰᠦᠨᠢᠳ ᠵᠡᠬᠦᠨ ᠬᠤᠱᠢᠭᠤᠨ᠎ᠤ ᠤᠯᠠᠭᠠᠨᠮᠥ᠋ᠴᠢᠷ᠎ᠤᠨ ᠵᠤᠬᠢᠶᠠᠨ ᠪᠦᠳᠦᠭᠡᠭ᠌ᠰᠡᠨ ᠳᠠᠭᠤᠤ ᠪᠦᠵᠢᠭ᠌᠎ᠳᠦ ᠵᠦᠴᠦᠭᠡ 《ᠰᠡᠳᠭᠢᠯ ᠨᠢᠭᠡᠳᠦᠭ᠌ᠰᠡᠨ ᠠᠶᠠᠯᠭᠤ》 ᠶ᠋ᠢ ᠬᠦᠬᠡᠬᠤᠳᠠ ᠶ᠋ᠢᠨ ᠤᠯᠠᠭᠠᠨ ᠲᠢᠶᠠᠲᠷ ᠲᠤ ᠲᠤᠭ᠍ᠯᠠᠪᠠ! ᠲᠤᠰ ᠵᠦᠴᠦᠭᠡ ᠨᠢ ᠰᠦᠨᠢᠳ ᠵᠡᠬᠦᠨ ᠬᠤᠱᠢᠭᠤᠨ᠎ᠤ ᠤᠯᠠᠭᠠᠨᠮᠥ᠋ᠴᠢᠷ᠎ᠤᠨ ᠦᠨᠡᠨ ᠪᠤᠳᠠᠳᠤ ᠦᠯᠢᠭᠡᠷ᠎ᠢ ᠦᠨᠳᠦᠰᠦᠯᠡᠨ ᠦᠭᠡᠷᠡᠴᠢᠯᠡᠨ ᠨᠠᠢᠷᠠᠭᠤᠯᠵᠦ᠍᠂ ᠬᠤᠶᠠᠷ ᠦᠶ᠎ᠠ᠎ᠶ᠋ᠢᠨ ᠬᠢᠯᠢ ᠬᠠᠮᠠᠭᠠᠯᠠᠭ᠍ᠰᠠᠨ ᠪᠠᠢᠯᠳᠤᠭ᠍ᠴᠢ ᠪᠤᠯᠤᠨ ᠬᠤᠶᠠᠷ ᠦᠶ᠎ᠡ ᠶ᠋ᠢᠨ ᠤᠯᠠᠭᠠᠨᠮᠥ᠋ᠴᠢᠷ ᠤᠨ ᠬᠢᠨ᠎ᠤ ᠦᠬᠦᠵᠦ᠍ ᠰᠡᠬᠡᠬᠦ᠌ ᠪᠡᠨ ᠬᠠᠮᠳᠤᠳᠭᠠᠭ᠍ᠰᠠᠨ ᠦᠯᠢᠭᠡᠷ᠎ᠢ ᠶᠠᠷᠢᠪᠠ᠃
310 ᠺᠢᠯᠤᠮᠸᠲᠷ᠎ᠤᠨ ᠬᠢᠯᠢ᠎ᠶ᠋ᠢᠨ ᠱᠤᠭᠤᠮ᠂ 40 ᠵᠢᠯ᠎ᠦᠨ ᠰᠠᠬᠢᠨ ᠪᠠᠷᠠᠯᠠᠯ ᠪᠠ ᠵᠠᠯᠭᠠᠮᠵᠢᠯᠠᠯ᠃ ᠦᠨᠡᠨ ᠪᠤᠳᠠᠳᠤ ᠦᠯᠢᠭᠡᠷ ᠢ ᠲᠠᠢᠰᠠᠨ ᠳᠤ ᠲᠤᠭ᠍ᠯᠠᠭᠰᠠᠨ ᠵᠢᠠᠷ ᠵᠢᠠᠨ᠂ ᠳᠡᠯᠭᠡᠴᠡ ᠨᠢᠭᠡ ᠪᠦᠷᠢ ᠨᠢ ᠴᠦᠮ ᠵᠢᠭᠠᠰᠤ ᠤᠰᠤᠨ᠎ᠤ ᠳᠦᠰᠢᠭ ᠪᠤᠯᠤᠭ᠍ᠰᠠᠨ ᠴᠡᠷᠢᠭ ᠠᠷᠠᠳ᠎ᠤᠨ ᠬᠠᠷᠢᠴᠠᠭ᠎ᠠ ᠵᠢ ᠠᠮᠢᠳᠤᠯᠢᠭ ᠳᠤᠰᠬᠠᠭᠰᠠᠨ ᠪᠠᠢᠳᠠᠭ᠃

ᠲᠤᠭ᠍ᠯᠠᠯᠳᠠ᠎ᠶ᠋ᠢᠨ ᠲᠠᠢᠰᠡᠨᠳᠤ᠂ ᠤᠯᠠᠭᠠᠨᠮᠥ᠋ᠴᠢᠷ ᠤᠨ ᠳᠤᠭ᠍ᠯᠠᠭ᠍ᠴᠢᠳ 《ᠤᠮᠠᠷᠠᠲᠤ ᠬᠢᠯᠢ᠎ᠶ᠋ᠢᠨ ᠬᠠᠢᠷ᠎ᠠ》 ᠭᠡᠬᠦ᠌ ᠭᠤᠤᠯ ᠰᠡᠳᠤᠪᠳᠤ ᠳᠠᠭᠤᠤ᠎ᠶ᠋ᠢ ᠳᠠᠭᠤᠯᠠᠵᠤ᠂ ᠠᠬᠠᠮᠠᠳ ᠰᠤᠮᠤᠨ ᠳᠠᠷᠤᠭ᠎ᠠ ᠮᠠᠯᠴᠢᠳ᠎ᠤᠨ ᠬᠦᠷᠭᠡᠭ᠌ᠰᠡᠨ ᠬᠠᠳᠠᠭ᠎ᠢ ᠲᠤᠰ᠎ᠤᠨ ᠠᠪᠬᠤ ᠦᠶᠡᠰ᠂ ᠴᠠᠭ ᠮᠦᠴᠡ ᠤᠮᠠᠷᠠᠳᠦ ᠬᠢᠯᠢ ᠶ᠋ᠢᠨ ᠠᠷᠠᠳ ᠲᠦᠮᠡᠨ᠎ᠦ ᠰᠠᠢᠨ ᠰᠠᠢᠬᠠᠨ ᠠᠮᠢᠳᠤᠷᠠᠯ ᠤᠨ ᠦᠵᠡᠭᠳᠡᠯ ᠳᠤ ᠲᠤᠭᠲᠠᠬᠤ ᠭᠱᠠᠨ᠎ᠳᠤ᠂ ᠬᠢᠯᠢ ᠶ᠋ᠢᠨ ᠬᠦᠱᠢᠶ᠎ᠡ ᠳᠡᠭᠡᠷᠡᠬᠢ ᠲᠠᠪᠤᠨ ᠦᠨᠴᠦᠭᠲᠦ ᠤᠳᠤ ᠲᠠᠢᠰᠠᠨ ᠳᠡᠭᠡᠷ᠎ᠡ ᠭᠢᠯᠠᠯᠵᠠᠬᠤᠶᠠ — ᠳᠠᠭᠤᠤ ᠪᠦᠵᠢᠭ᠌᠎ᠳᠦ ᠵᠦᠴᠦᠭᠡ 《ᠰᠡᠳᠭᠢᠯ ᠨᠢᠭᠡᠳᠦᠭ᠌ᠰᠡᠨ ᠠᠶᠠᠯᠭᠤ》᠎ᠨᠢ ᠪᠢᠯᠬᠠᠮ᠎ᠠ ᠰᠡᠳᠭᠢᠯᠭᠡ ᠪᠦᠬᠦᠢ 《ᠨᠤᠲᠤᠭ ᠤᠨ ᠦᠨᠦᠷ》᠎ᠢᠶᠡᠷ ᠵᠢᠠᠨ ᠦᠢ ᠤᠯᠠᠨ ᠦᠵᠡᠭ᠌ᠴᠢᠳ᠎ᠦᠨ ᠰᠡᠳᠭᠢᠯ᠎ᠢ ᠳᠠᠳᠠᠨ᠎ᠠ᠃

ᠤᠬᠠᠭᠠᠯᠠᠬᠴᠢ᠄ ᠵᠧᠦ ᠴᠠᠩ ᠰᠢᠶᠠᠩ
ᠬᠢᠨᠠᠭᠴᠢ᠄ ᠯᠢᠦ ᠰᠢᠶᠤᠤ
ᠢᠷᠡᠯᠲᠡ ᠄ ᠲᠠᠯ᠎ᠠ ᠨᠤᠲᠤᠭ᠎ᠤᠨ ᠡᠭᠦᠯᠡ ᠰᠢᠯᠵᠢᠶ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃