ᠰᠣᠶᠣᠯ ᠤᠷᠠᠯᠢᠭ > ᠠᠶᠠᠯᠭᠤᠲᠤ ᠵᠢᠭᠤᠯᠴᠢᠯᠠᠯ ᠦᠪᠦᠷ ᠮᠤᠩᠭᠣᠯ

2025-07-14 10:25:33

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠬᠦᠳᠡᠭᠡ ᠳᠠᠯ᠎ᠠ ᠪᠡᠷ ᠦᠳᠡᠰᠢᠯᠡᠬᠡ ᠶ᠋ᠢᠨ ᠳᠠᠢᠰᠠ ᠪᠤᠯᠭᠠᠨ᠂ ᠤᠳᠤᠳᠤ ᠤᠭᠳᠠᠷᠭᠤᠢ ᠪᠡᠷ ᠬᠦᠰᠢᠭᠡ ᠪᠤᠯᠭᠠᠭᠰᠠᠨ ᠨᠠᠢᠷᠠᠯ ᠭᠦᠭᠵᠢᠮ ᠤ᠋ᠨ ᠦᠳᠡᠰᠢᠯᠡᠭᠡ ᠤᠮᠠᠷᠠᠳᠦ ᠬᠢᠯᠢ ᠶ᠋ᠢᠨ ᠦᠳᠡᠰᠢ ᠵᠢ ᠤᠯᠠᠮ ᠷᠤᠮᠠᠨᠲ᠋ᠢᠭ ᠦᠩᠬᠡ ᠲᠦᠷᠬᠦ ᠲᠠᠢ ᠪᠤᠯᠭᠠᠵᠠᠢ᠃ ᠤᠷᠴᠢᠮᠬᠠᠨ ᠬᠦᠬᠡᠬᠤᠳᠠ ᠶ᠋ᠢᠨ ᠴᠡᠯᠡᠭᠡᠷ ᠲᠠᠯ᠎ᠠ ᠳ᠋ᠦ ᠶᠠᠪᠤᠭᠳᠠᠭᠰᠠᠨ 《ᠳᠠᠯ᠎ᠠ ᠨᠤᠲᠤᠭ ᠤ᠋ᠨ ᠦᠳᠡᠰᠢ》 ᠨᠠᠢᠷᠠᠯ ᠬᠦᠭᠵᠢᠮ ᠤ᠋ᠨ ᠦᠳᠡᠰᠢᠯᠡᠬᠡ ᠨᠢ ᠦᠨᠳᠦᠰᠦᠲᠡᠨ ᠤ᠋ ᠣᠨᠴᠠᠯᠢᠭ ᠪᠠ ᠣᠯᠠᠨ ᠤᠯᠤᠰ ᠤ᠋ᠨ ᠡᠯᠧᠮᠧᠨ᠋ᠲ ᠢ᠋ ᠠᠭᠤᠰᠤᠯᠳᠠᠭᠤᠯᠵᠤ᠂ ᠲᠠᠯ᠎ᠠ ᠨᠤᠲᠤᠭ ᠤ᠋ᠨ ᠥᠷᠭᠡᠨ ᠠᠭᠤᠳᠠᠮ ᠪᠠ ᠨᠠᠢᠷᠠᠯ ᠬᠥᠭ᠌ᠵᠢᠮ ᠤ᠋ᠨ ᠡᠷᠬᠢᠮᠰᠦᠭ ᠢᠷᠠᠭᠤ ᠰᠠᠢᠬᠠᠨ ᠢ᠋ᠶ᠋ᠡᠷ ᠲᠤᠬᠠᠶ ᠶ᠋ᠢᠨ ᠲᠠᠯᠠᠪᠠᠶ ᠶ᠋ᠢᠨ ᠦᠵᠡᠭ᠌ᠴᠢᠳ ᠢ᠋ ᠪᠠᠶᠠᠰᠬᠠᠨ ᠤᠮᠠᠷᠠᠳᠦ ᠬᠢᠯᠢ ᠶ᠋ᠢᠨ ᠰᠤᠶᠤᠯ ᠢ᠋ ᠴᠢᠮᠡᠯ᠎ᠠ᠃

ᠲᠤᠰ ᠦᠳᠡᠰᠢᠯᠡᠬᠡ 《ᠤᠮᠠᠷᠠᠲᠤ ᠬᠢᠯᠢ ᠶ᠋ᠢᠨ ᠡᠯᠧᠮᠧᠨ᠋ᠲ + ᠨᠠᠢᠷᠠᠯ ᠬᠥᠭ᠌ᠵᠢᠮ ᠤ᠋ᠨ ᠬᠡᠯᠪᠡᠷᠢ》 ᠶ᠋ᠢᠨ ᠱᠢᠨᠡᠴᠢᠯᠡᠯᠳᠡ ᠪᠡᠷ ᠳᠠᠮᠵᠢᠨ ᠮᠣᠩᠭᠣᠯ ᠦᠨᠳᠦᠰᠦᠲᠡᠨ ᠤ᠋ ᠮᠣᠷᠢᠨ ᠬᠤᠭᠤᠷ᠂ ᠤᠷᠲᠤ ᠶ᠋ᠢᠨ ᠳᠠᠭᠤᠤ ᠵᠡᠷᠭᠡ ᠤᠯᠠᠮᠵᠢᠯᠠᠯᠲᠤ ᠤᠷᠠᠯᠢᠭ ᠤ᠋ᠨ ᠬᠡᠯᠪᠡᠷᠢ ᠶ᠋ᠢ ᠪᠦᠷᠢᠨ ᠲᠡᠭᠦᠯᠳᠡᠷ ᠠᠭᠤᠰᠤᠯᠴᠠᠭᠤᠯᠵᠦ᠂ ᠤᠮᠠᠷᠠᠲᠤ ᠬᠢᠯᠢ ᠶ᠋ᠢᠨ ᠬᠥᠭ ᠠᠶᠠᠰ ᠪᠣᠯᠤᠨ ᠨᠠᠢᠷᠠᠯ ᠬᠥᠭ᠌ᠵᠢᠮ ᠤ᠋ᠨ ᠢᠷᠠᠭᠤ ᠰᠠᠢᠬᠠᠨ ᠢ᠋ ᠠᠭᠤᠳᠠᠮ ᠳᠠᠯ᠎ᠠ ᠳ᠋ᠦ ᠴᠤᠤᠷᠢᠶᠠᠳᠤᠭᠤᠯᠵᠠᠢ᠃ ᠳᠠᠭᠤᠤ ᠬᠥᠭ᠌ᠵᠢᠮ ᠤ᠋ᠨ ᠦᠳᠡᠱᠢᠯᠡᠭᠡ ᠶ᠋ᠢ ᠠᠯᠳᠠᠷᠲᠤ ᠤᠳᠤᠷᠢᠳᠤᠭᠠᠴᠢ ᠬᠤᠸᠠᠩ ᠢ ᠤᠳᠤᠷᠢᠳᠴᠤ᠂ ᠬᠥᠬᠡᠬᠣᠲᠠ ᠶ᠋ᠢᠨ ᠠᠢ ᠶᠤᠧᠠᠢ ᠬᠦᠭᠵᠢᠮ ᠤ᠋ᠨ ᠪᠦᠯᠬᠦᠮ ᠡᠴᠡ ᠬᠦᠭᠵᠢᠮᠳᠡᠪᠠ᠃ ᠦᠳᠡᠰᠢᠯᠡᠬᠡ 《ᠲᠠᠯ᠎ᠠ ᠨᠤᠲᠤᠭ ᠤ᠋ᠨ ᠨᠠᠢᠷᠠᠯ ᠬᠥᠭ᠌ᠵᠢᠮ》 ᠢ᠋ᠶ᠋ᠡᠷ ᠭᠤᠤᠯ ᠰᠡᠳᠦᠪ ᠪᠣᠯᠭᠠᠨ᠂ ᠡᠬᠢᠯᠡᠯᠲᠡ ᠶ᠋ᠢᠨ ᠲᠤᠭᠯᠠᠯᠳᠠ 《ᠦᠵᠡᠰᠭᠦᠯᠡᠩᠲᠦ ᠰᠠᠢᠬᠠᠨ ᠮᠢᠨᠦ᠍ ᠨᠤᠲᠤᠭ》 ᠨᠢ ᠢᠷᠠᠭᠤ ᠰᠠᠢᠬᠠᠨ ᠬᠦᠭ ᠠᠶᠠᠰ ᠢ᠋ᠶ᠋ᠠᠷ 《ᠴᠡᠯᠡᠭᠡᠷ ᠳᠠᠯ᠎ᠠ ᠶ᠋ᠢᠨ ᠳᠠᠭᠤᠯᠠᠯ》 ᠤ᠋ᠨ ᠰᠠᠨᠠᠭ᠎ᠠ ᠠᠬᠤᠢ ᠶ᠋ᠢ ᠵᠢᠷᠤᠭ᠍ᠯᠠᠵᠦ᠂ 《ᠲᠠᠯ᠎ᠠ ᠶ᠋ᠢᠨ ᠰᠦᠨᠢ ᠭᠤᠶᠤᠬᠠᠨ》 ᠬᠡᠬᠦ ᠲᠤᠭᠯᠠᠯᠳᠠ ᠨᠢ ᠲᠠᠯ᠎ᠠ ᠨᠤᠲᠤᠭ ᠤ᠋ᠨ ᠰᠥᠨᠢ ᠶ᠋ᠢᠨ ᠨᠠᠮ ᠳᠠᠢᠪᠤᠩ ᠬᠢᠭᠡᠳ ᠰᠠᠢᠨ ᠰᠠᠢᠬᠠᠨ ᠢ᠋ ᠵᠢᠷᠤᠭ᠍ᠯᠠᠵᠦ᠂ ᠮᠣᠷᠢᠨ ᠬᠤᠭᠤᠷᠴᠢ ᠰᠤᠷᠭᠤᠭ ᠪᠣᠯᠤᠨ ᠬᠥᠭ᠌ᠵᠢᠮ ᠤ᠋ᠨ ᠪᠦᠯᠬᠦᠮ ᠤ᠋ᠨ ᠬᠠᠮᠲᠤᠷᠠᠭ᠍ᠰᠠᠨ 《ᠮᠡᠷᠭᠡᠯ ᠭᠤᠤᠯ》 ᠨᠢ ᠤᠮᠠᠷᠠᠲᠤ ᠬᠢᠯᠢ ᠶ᠋ᠢᠨ ᠰᠣᠶᠣᠯ ᠢ᠋ ᠬᠦᠭᠵᠢᠮᠳᠡᠵᠡᠢ᠃

ᠲᠤᠰ ᠦᠳᠡᠱᠢᠯᠡᠭᠡ ᠨᠢ ᠲᠠᠯ᠎ᠠ ᠨᠤᠲᠤᠭ ᠤ᠋ᠨ ᠭᠦᠨ ᠵᠤᠵᠠᠭᠠᠨ ᠵᠠᠩ ᠦᠢᠯᠡ ᠶ᠋ᠢ ᠢᠯᠡᠷᠡᠭᠦᠯᠦᠭ᠌ᠰᠡᠨ ᠢ᠋ᠶ᠋ᠡᠷ ᠪᠠᠷᠠᠬᠤ ᠦᠭᠡᠢ᠂ ᠨᠠᠩ ᠴᠤ᠌ ᠳᠡᠯᠡᠬᠡᠶ ᠶ᠋ᠢᠨ ᠰᠤᠩᠭᠤᠳᠠᠭ ᠬᠦᠭᠵᠢᠮ ᠢ᠋ ᠬᠦᠭᠵᠢᠮᠳᠡᠪᠠ᠃ ᠵᠣᠷᠵ ᠪᠢᠼᠠᠢᠲ ᠤ᠋ᠨ 《ᠺᠠᠷᠮᠸ᠋ᠨ》 ᠤ᠋ ᠣᠷᠣᠱᠢᠯ ᠬᠥᠭ᠌ᠵᠢᠮ᠂ ᠳ᠋ᠸ᠋ᠸᠤᠷᠱᠠᠺᠣᠨ ᠤ᠋ 《e ᠪᠠᠭ᠎ᠠ ᠬᠥᠭ ᠤ᠋ᠨ ᠶᠢᠰᠦᠳᠦᠭᠡᠷ ᠨᠠᠢᠷᠠᠯ ᠬᠥᠭ᠌ᠵᠢᠮ ᠤ᠋ᠨ〈ᠱᠢᠨ᠎ᠡ ᠡᠬᠡ ᠬᠠᠭᠤᠷᠠᠶ〉》 ᠶ᠋ᠢᠨ ᠳᠥᠷᠪᠡᠳᠦᠭᠡᠷ ᠪᠦᠯᠦᠭ᠂ 《ᠤᠯᠠᠭᠠᠨ ᠲᠤᠭ ᠤ᠋ᠨ ᠮᠠᠭ᠍ᠲᠠᠭᠠᠯ》᠂ 《ᠡᠬᠡ ᠤᠯᠤᠰ》 ᠵᠡᠷᠭᠡ ᠰᠣᠩᠭᠣᠳᠠᠭ ᠪᠦᠲᠦᠭᠡᠯ ᠤ᠋ᠳ ᠢ᠋ ᠬᠦᠭᠵᠢᠮᠳᠡᠵᠦ᠂ ᠬᠦᠭᠵᠢᠮ ᠤᠷᠠᠯᠢᠭ ᠤ᠋ᠨ ᠢᠷᠠᠭᠤ ᠰᠠᠢᠬᠠᠨ ᠢ᠋ᠶ᠋ᠡᠷ ᠳᠠᠯ᠎ᠠ ᠨᠤᠲᠤᠭ ᠤ᠋ᠨ ᠦᠳᠡᠰᠢ ᠵᠢ ᠴᠡᠩᠬᠡᠬᠦᠯᠪᠡ᠃ 《ᠡᠬᠡ ᠤᠯᠤᠰ》 ᠤ᠋ᠨ ᠠᠶ᠎ᠠ ᠬᠠᠩᠭᠢᠨᠠᠬᠤ᠎ᠳᠤ ᠪᠦᠬᠦ᠌ ᠲᠠᠯᠠᠪᠠᠢ ᠶ᠋ᠢᠨ ᠦᠵᠡᠭ᠌ᠴᠢᠳ ᠠᠶᠠᠨᠳᠠᠭᠠᠨ ᠳᠠᠭᠠᠨ ᠳᠠᠭᠤᠯᠠᠵᠤ᠂ ᠠᠬᠤᠢ ᠲᠠᠯᠠᠪᠠᠢ ᠬᠥᠮᠦᠰ ᠤ᠋ᠨ ᠰᠡᠳᠭᠢᠯ ᠢ᠋ ᠬᠥᠳᠡᠯᠭᠡᠯ᠎ᠠ᠃ ᠲᠤᠰ ᠦᠳᠡᠰᠢᠯᠡᠬᠡ 2025 ᠤᠨ ᠤ᠋ ᠲᠤᠮᠳᠠᠳᠦ ᠤᠯᠤᠰ ᠤ᠋ᠨ ᠢᠵᠠᠭᠤᠷ ᠠᠷᠠᠳ ᠤ᠋ᠨ ᠳᠠᠭᠤᠤ ᠵᠢᠨ ᠨᠠᠢᠷ ᠵᠢᠴᠢ ᠤᠮᠠᠷᠠᠳᠦ ᠬᠢᠯᠢ ᠶ᠋ᠢᠨ ᠰᠤᠶᠤᠯ ᠤ᠋ᠨ ᠠᠵᠢᠯᠯᠠᠭ᠎ᠠ ᠵᠢᠨ ᠤᠯᠠᠷᠢᠯ ᠤ᠋ᠨ ᠴᠢᠬᠤᠯᠠ ᠠᠭᠤᠯᠭ᠎ᠠ ᠪᠠᠢᠵᠦ᠂ ᠲᠤᠮᠳᠠᠳᠦ ᠶ᠋ᠢᠨ ᠰᠢᠯᠢᠳᠡᠭ ᠤᠯᠠᠮᠵᠢᠯᠠᠯᠳᠦ ᠰᠤᠶᠤᠯ ᠤ᠋ᠨ ᠤᠯᠠᠮᠵᠢᠯᠠᠯ ᠬᠢᠭᠡᠳ ᠬᠦᠭᠵᠢᠯᠳᠡ ᠵᠢ ᠠᠬᠢᠭᠤᠯᠤᠭᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面