2022-07-31 23:13:10
7 ᠰᠠᠷ᠎ᠠ ᠵᠢᠨ 30 ᠤ᠋ ᠡᠳᠦᠷ ᠂ ᠠᠷᠪᠠᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨᠰᠣᠶᠣᠯ ᠤ᠋ᠨ ᠨᠠᠢᠷ ᠤ᠋ᠨ ᠴᠢᠬᠤᠯᠠ ᠨᠢᠬᠡᠨ ᠠᠭᠤᠯᠭ᠎ᠠ ᠪᠤᠯᠬᠤ《ᠦᠵᠡᠰᠭᠦᠯᠡᠩᠲᠦᠰᠠᠢᠬᠠᠨ ᠳᠤᠮᠳᠠᠳᠤ ᠤᠯᠤᠰ·ᠥᠪᠥᠷ ᠮᠣᠩᠭᠣᠯ ᠤ᠋ᠨ ᠳᠦᠷᠢ ᠲᠥᠷᠬᠦ᠌》ᠭᠤᠤᠯ ᠰᠡᠳᠦᠪᠲᠦ ᠤᠷᠠᠨ ᠵᠢᠷᠤᠭ ᠤ᠋ᠨ ᠪᠦᠲᠦᠭᠡᠯᠦᠨ ᠦᠵᠡᠬᠦᠯᠬᠡ ᠥᠪᠥᠷ ᠮᠣᠩᠭᠣᠯ ᠤ᠋ᠨ ᠤᠷᠠᠨ ᠵᠢᠷᠤᠭ ᠤ᠋ᠨᠣᠷᠳᠣᠨ ᠳ᠋ᠤ ᠡᠬᠢᠯᠡᠪᠡ ᠃
ᠲᠤᠰ ᠦᠵᠡᠬᠦᠯᠬᠡ ᠳ᠋ᠤ ᠮᠠᠨ ᠤ᠋ ᠤᠷᠤᠨ ᠤ᠋ 12 ᠠᠢᠮᠠᠭ ᠬᠤᠳᠠ ᠵᠢᠨᠤᠷᠠᠨ ᠵᠢᠷᠤᠭ᠍ᠴᠢᠳ ᠤ᠋ᠨ ᠨᠡᠢᠭᠡᠮᠯᠢᠭ ᠡᠴᠡ ᠳᠡᠪᠱᠢᠭᠦᠯᠦᠭ᠌ᠰᠡᠨ 119 ᠪᠦᠲᠦᠭᠡᠯ ᠢ᠋ ᠳᠡᠯᠭᠡᠨ ᠦᠵᠡᠭᠦᠯᠵᠦ᠍ ᠂《ᠬᠣᠶᠠᠷ ᠢ᠋ᠴᠤᠭᠴᠠᠯᠠᠬᠤ》ᠳ᠋ᠤ ᠠᠩᠬᠠᠷᠤᠯ ᠵᠢᠡᠨ ᠲᠥᠪᠯᠡᠷᠡᠭᠦᠯᠤᠨ ᠂ 12 ᠠᠢᠮᠠᠭ ᠬᠤᠳᠠ ᠵᠢᠨ ᠥᠪᠡᠷᠮᠢᠴᠡ ᠪᠠᠢᠭᠠᠯᠢ ᠵᠢᠨ ᠦᠵᠡᠮᠵᠢ ᠂ ᠰᠣᠶᠣᠯ ᠢᠷᠭᠡᠨᠱᠢᠯ ᠤ᠋ᠨᠤᠨᠴᠠᠯᠢᠭ ᠂ ᠠᠮᠢ ᠠᠬᠤᠢᠵᠢᠨ ᠳᠦᠷᠰᠦ ᠪᠠᠢᠳᠠᠯ ᠢ᠋ᠢᠡᠷ ᠰᠠᠭᠤᠷᠢ ᠪᠤᠯᠭᠠᠵᠤ ᠂ ᠮᠠᠨ ᠤ᠋ ᠤᠷᠤᠨ ᠤ᠋ ᠦᠷᠭᠡᠨ ᠠᠭᠤᠳᠠᠮ ᠲᠠᠯ᠎ᠠ ᠨᠤᠳᠤᠭ ᠂ ᠦᠨᠳᠤᠷ ᠰᠦᠷᠯᠢᠭ ᠠᠭᠤᠯᠠ ᠬᠠᠢᠷᠬᠠᠨ ᠂ ᠢᠭᠴᠤᠰᠠᠬᠤᠯᠢᠭ ᠤᠢ ᠰᠢᠭᠤᠢ ᠂ ᠠᠷᠢᠭᠤᠨᠲᠤᠨᠭᠭᠠᠯᠠᠭ ᠨᠠᠭᠤᠷ ᠭᠤᠤᠯ ᠂ ᠨᠡᠯᠦᠬᠡᠷ ᠶᠡᠬᠡ ᠡᠯᠡᠰᠦᠨ ᠴᠦᠯ ᠵᠡᠷᠭᠡᠢ᠋ᠢ ᠵᠢᠷᠤᠭᠯᠠᠵᠤ ᠂ ᠦᠪᠤᠷ ᠮᠤᠨᠭᠭᠤᠯ ᠤ᠋ᠨ ᠰᠠᠢᠨ ᠰᠠᠢᠬᠠᠨ ᠲᠦᠷᠢ ᠲᠦᠷᠬᠦ ᠢ᠋ᠢ ᠪᠦᠬᠦ ᠲᠠᠯ᠎ᠠ ᠪᠡᠷ ᠬᠠᠷᠠᠭᠤᠯᠤᠭᠰᠠᠨᠪᠠᠢᠨᠠ ᠃
《ᠲᠤᠰ ᠤᠳᠠᠭ᠎ᠠ ᠵᠢᠨ ᠤᠷᠠᠨ ᠵᠢᠷᠤᠭ ᠤ᠋ᠨ ᠪᠦᠳᠦᠭᠡᠯ ᠤ᠋ᠨ ᠦᠵᠡᠬᠦᠯᠬᠡ ᠪᠡᠷ ᠲᠠᠮᠵᠢᠨ ᠮᠠᠨ ᠤ᠋ ᠤᠷᠤᠨ ᠤ᠋ ᠠᠮᠢ ᠠᠬᠤᠢ ᠂ ᠰᠤᠶᠤᠯ ᠢᠷᠭᠡᠨᠰᠢᠯ ᠂ ᠠᠵᠤ ᠠᠬᠤᠢ ᠵᠡᠷᠬᠡᠲᠠᠯᠠ ᠵᠢᠨ ᠬᠦᠭᠵᠢᠯᠳᠡ ᠬᠤᠪᠢᠷᠠᠯᠳᠠ ᠵᠢ ᠦᠵᠡᠭᠴᠢ ᠤᠯᠠᠨ ᠳ᠋ᠤ ᠮᠡᠳᠡᠷᠡᠬᠦᠯᠦᠭᠰᠡᠨ ᠶᠤᠮ ᠃ ᠦᠵᠡᠬᠦᠯᠬᠡ ᠨᠢ ᠲᠠᠯ᠎ᠠ ᠨᠤᠳᠤᠭ ᠤ᠋ᠨ ᠰᠤᠶᠤᠯᠤ᠋ᠨ ᠨᠠᠢᠷ ᠲᠠᠢ ᠬᠠᠮᠳᠤ ᠡᠬᠢᠯᠡᠵᠤ᠂ ᠮᠦᠨ ᠴᠦ᠍ ᠨᠠᠢᠷ ᠲᠠᠭᠤᠰᠳᠠᠯ᠎ᠠ ᠦᠷᠬᠦᠯᠵᠢᠯᠡᠬᠦ ᠪᠤᠯᠤᠨ᠎ᠠ》ᠬᠡᠵᠤ ᠦᠪᠤᠷ ᠮᠤᠨᠭᠭᠤᠯ ᠤ᠋ᠨ ᠤᠷᠠᠨ ᠵᠢᠷᠤᠭ ᠤ᠋ᠨ ᠤᠷᠳᠤᠨ ᠤ᠋ ᠲᠡᠳ᠋ ᠲᠠᠷᠤᠭ᠎ᠠ ᠯᠢᠦᠳ᠋ᠢ ᠬᠡᠯᠡᠨ᠎ᠠ ᠃《ᠪᠢ ᠤᠳᠤ ᠤᠷᠠᠨ ᠵᠢᠷᠤᠭ ᠤ᠋ᠨ ᠮᠡᠷᠭᠡᠵᠢᠯ ᠢ᠋ᠢᠡᠷ ᠰᠤᠷᠤᠯᠴᠠᠵᠤ ᠪᠠᠢᠨ᠎ᠠ᠂ ᠲᠡᠯᠬᠡᠨ ᠦᠵᠡᠬᠦᠯᠵᠤ ᠪᠠᠢᠬᠤ ᠤᠷᠠᠨ ᠵᠢᠷᠤᠭᠤ᠋ᠳ ᠢ᠋ ᠰᠤᠨᠢᠷᠬᠠᠭᠠᠳᠲᠤᠰᠬᠠᠢ ᠮᠡᠷᠭᠡᠵᠢᠯ ᠤ᠋ᠨ ᠲᠠᠯ᠎ᠠ ᠪᠡᠷ ᠬᠢ ᠵᠦᠷᠢᠶ᠎ᠠ ᠪᠠᠨ ᠲᠠᠨᠢᠵᠤ ᠤᠯᠤᠭᠰᠠᠨ ᠮᠦᠷᠳᠡᠬᠡᠨ ᠤᠷᠠᠨ ᠵᠢᠷᠤᠭᠤ᠋ᠨ ᠲᠤᠬᠠᠢ ᠦᠵᠡᠯᠳᠡ ᠪᠡᠨ ᠴᠦ᠍ ᠲᠡᠭᠡᠭᠰᠢᠯᠡᠬᠦᠯᠵᠡᠢ᠂ ᠡᠬᠦᠨ ᠤ᠋ ᠬᠠᠮᠳᠤ ᠦᠵᠡᠬᠦᠯᠬᠡ ᠵᠢᠨ ᠵᠢᠷᠤᠭ ᠡᠴᠡᠨᠤᠳᠤᠭ ᠤᠰᠤᠨ ᠤ᠋ ᠪᠡᠨ ᠦᠩᠬᠡ ᠦᠵᠡᠮᠵᠢ ᠵᠢ ᠤᠯᠵᠤ ᠬᠠᠷᠠᠭᠠᠳ ᠮᠠᠰᠢ ᠶᠡᠬᠡ ᠤᠮᠤᠭᠰᠢᠵᠤ ᠪᠠᠢᠨ᠎ᠠ》ᠬᠡᠵᠤ ᠤᠶᠤᠳᠠᠨ ᠬᠠᠢᠷ᠎ᠠ ᠶᠡᠬᠡᠬᠡᠨ ᠤᠯᠤᠯᠳᠡ ᠲᠦᠷᠦᠭᠳᠡᠯ ᠲᠠᠢ ᠪᠠᠢᠯ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃