ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-02 15:24:17

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

《ᠲᠠᠷᠢᠬᠦᠯᠡᠭᠴᠢ ᠴᠡᠴᠡᠭᠳᠤ ᠱᠠᠩᠨᠠᠯ》 ᠬᠦᠷᠳᠡᠭᠰᠨᠨ15 ᠤᠷᠠᠯᠢᠭᠴᠢᠨ ᠬᠦᠬᠡᠬᠤᠳᠠ ᠳ᠋ᠦ ᠭᠤᠴᠦ ᠲᠤᠭᠯᠠᠯᠳᠠ ᠭᠠᠷᠭᠠᠬᠤ ᠪᠡᠷ ᠪᠤᠢ

8 ᠰᠠᠷ᠎ᠠ ᠶ᠋ᠢᠨ 5 ᠪᠤᠯᠤᠨ 6 ᠤ᠋ ᠤᠷᠤᠢ᠂ 《ᠲᠠᠷᠢᠬᠦᠯᠡᠭᠴᠢ ᠴᠡᠴᠡᠭᠳᠤ ᠱᠠᠩᠨᠠᠯ》 ᠬᠦᠷᠳᠡᠭᠰᠨᠨ ᠪᠦᠬᠦ ᠤᠯᠤᠰ ᠤ᠋ᠨ 15 ᠤᠷᠠᠯᠢᠭᠴᠢᠨ ᠬᠦᠬᠡᠬᠤᠳᠠ ᠳ᠋ᠦ ᠰᠠᠭᠠᠳᠠᠵᠤ ᠂ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠳ᠋ᠤ ᠶᠠᠪᠤᠭᠳᠠᠬᠤ 《ᠳᠤᠮᠳᠠᠳᠤ ᠶ᠋ᠢᠨ ᠰᠢ ᠲᠠᠭᠤᠷᠢᠯᠢᠭ ᠤ᠋ᠨ ᠨᠠᠷᠠᠲᠤ ᠬᠥᠮᠦᠰ ᠤ᠋ᠨ ᠰᠤᠩᠭᠤᠳᠠᠭ ᠪᠠᠳᠠᠭ ᠤ᠋ᠨ ᠲᠣᠭ᠍ᠯᠠᠯᠲᠠ》 ᠪᠡᠷ ᠲᠠᠮᠵᠢᠨ ᠦᠵᠡᠭᠴᠢ ᠤᠯᠠᠨ ᠳ᠋ᠤ ᠥᠨᠳᠥᠷ ᠪᠠᠷᠢᠮᠵᠢᠶ᠎ᠠ ᠥᠨᠳᠥᠷ ᠲᠦᠪᠱᠢᠨ ᠪᠦᠬᠦᠢ ᠰᠢ ᠲᠠᠭᠤᠷᠢᠯᠢᠭ ᠤ᠋ᠨ ᠦᠪᠡᠳᠡᠭ᠌ᠰᠢ ᠳᠠᠢᠯᠠᠯᠭ᠎ᠠ ᠬᠦᠷᠳᠡᠭᠡᠬᠦ ᠪᠤᠯᠤᠨ᠎ᠠ ᠃

ᠥᠪᠡᠷᠲᠡᠭᠡᠨ ᠵᠠᠰᠠᠬᠤ ᠣᠷᠣᠨ ᠤ᠋ ᠤᠳᠭ᠎ᠠ ᠤᠷᠠᠯᠢᠭ ᠤ᠋ᠨ ᠬᠢᠨ ᠤ᠋ ᠬᠣᠯᠪᠣᠭ᠎ᠠ ᠂ ᠬᠥᠬᠡᠬᠣᠲᠠ ᠶ᠋ᠢᠨ ᠨᠠᠮ ᠤ᠋ᠨ ᠬᠤᠷᠢᠶᠠᠨ ᠤ᠋ ᠤᠬᠠᠭᠤᠯᠬᠤ ᠬᠡᠯᠲᠡᠰ ᠡᠴᠡ ᠬᠠᠮᠲᠤᠷᠠᠨ ᠡᠷᠭᠢᠯᠡᠬᠦ 《ᠳᠤᠮᠳᠠᠳᠤ ᠶ᠋ᠢᠨ ᠰᠢ ᠲᠠᠭᠤᠷᠢᠯᠢᠭ ᠤ᠋ᠨ ᠨᠠᠷᠠᠲᠤ ᠬᠥᠮᠦᠰ ᠤ᠋ᠨ ᠰᠤᠩᠭᠤᠳᠠᠭ ᠪᠠᠳᠠᠭ ᠤ᠋ᠨ ᠲᠣᠭ᠍ᠯᠠᠯᠲᠠ》 ᠪᠤᠯ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠨᠢᠬᠡᠨ ᠭᠤᠤᠯᠳᠠᠯᠭ᠎ᠠ ᠲᠠᠢ ᠲᠤᠭᠯᠠᠯᠳᠠ ᠪᠤᠯᠤᠨ᠎ᠠ᠃ ᠲᠤᠭᠯᠠᠯᠳᠠ ᠳ᠋ᠤ ᠱᠸᠨ ᠢ ᠯᠢ ᠂ ᠸᠠᠩ ᠴᠤᠤ ᠂ ᠴᠢ ᠠᠢ ᠶᠦᠨ ᠵᠡᠷᠭᠡ 《ᠲᠠᠷᠢᠬᠦᠯᠡᠭᠴᠢ ᠴᠡᠴᠡᠭᠳᠤ ᠱᠠᠩᠨᠠᠯ》 ᠬᠦᠷᠳᠡᠭᠰᠡᠨ ᠪᠦᠬᠦ ᠤᠯᠤᠰ ᠤ᠋ᠨ 15 ᠨᠠᠷᠡᠳᠤ ᠤᠷᠠᠯᠢᠭᠴᠢᠨ ᠢ᠋ ᠤᠷᠢᠵᠦ᠂ ᠺᠦᠨᠱᠠᠨ ᠵᠦᠴᠦᠭᠡ 《ᠮᠠᠨᠳᠠᠷᠠᠸ᠎ᠠ ᠲᠢᠩᠰᠡ (ᠰᠣᠩᠭᠣᠮᠠᠯ ᠪᠠᠳᠠᠭ)》᠂ ᠰᠸᠴᠤᠸᠠᠨ ᠵᠦᠴᠦᠭᠡ 《ᠡᠪᠡᠳᠴᠢᠨ ᠢ᠋ ᠠᠰᠠᠭᠤᠵᠤ ᠨᠤᠶᠠᠨ ᠢ᠋ ᠰᠢᠬᠠᠮᠳᠠᠭᠤᠯᠤᠭᠰᠠᠨ ᠨᠢ (ᠰᠤᠩᠭᠤᠮᠠᠯ ᠪᠠᠳᠠᠭ) 》 ᠂ ᠴᠢᠨ ᠤ᠋ ᠠᠶᠠᠯᠭᠤ 《ᠵᠧᠩ ᠶᠢᠩ ᠵᠢᠶᠤᠤ ᠶ᠋ᠢᠨ ᠱᠢᠨ᠎ᠡ ᠦᠷᠭᠦᠭᠡ (ᠰᠣᠩᠭᠣᠮᠠᠯ ᠪᠠᠳᠠᠭ) 》 ᠵᠡᠷᠭᠡ ᠠᠷᠪᠠᠨ ᠬᠡᠳᠦᠨ ᠲᠥᠷᠥᠯ ᠤ᠋ᠨ ᠰᠢ ᠲᠠᠭᠤᠷᠢᠯᠢᠭ ᠤ᠋ᠨ ᠰᠤᠩᠭᠤᠳᠠᠭ ᠪᠠᠳᠠᠭ ᠢ᠋ ᠲᠤᠭᠯᠠᠭᠤᠯᠬᠤ ᠪᠡᠷ ᠪᠤᠯᠵᠠᠢ ᠃

《ᠳᠤᠮᠳᠠᠳᠤ ᠶ᠋ᠢᠨ ᠰᠢ ᠲᠠᠭᠤᠷᠢᠯᠢᠭ ᠤ᠋ᠨ ᠨᠠᠷᠠᠲᠤ ᠬᠥᠮᠦᠰ ᠤ᠋ᠨ ᠰᠤᠩᠭᠤᠳᠠᠭ ᠪᠠᠳᠠᠭ ᠤ᠋ᠨ ᠲᠣᠭ᠍ᠯᠠᠯᠲᠠ》 ᠨᠢ ᠨᠡᠷᠡᠲᠦ ᠤᠷᠠᠯᠢᠭᠴᠢᠳ ᠤ᠋ᠨ ᠡᠩᠨᠡᠭᠡ᠂ ᠰᠢ ᠲᠠᠭᠤᠷᠢᠯᠢᠭ ᠤ᠋ᠨ ᠰᠣᠩᠭᠣᠳᠠᠭ ᠪᠠᠳᠠᠭ᠂ ᠬᠡᠭᠡᠨᠴᠢᠷ ᠰᠠᠢᠬᠠᠨ ᠲᠠᠢᠰᠠᠨ ᠤ᠋ ᠦᠵᠡᠬᠦᠯᠭᠡ ᠪᠡᠷ ᠲᠠᠮᠵᠢᠨ ᠲᠤᠮᠳᠠᠳᠤ ᠵᠢᠨ ᠰᠢ ᠲᠠᠭᠤᠷᠢᠯᠢᠭ ᠤ᠋ᠨ ᠰᠤᠶᠤᠯ ᠤ᠋ᠨ ᠦᠪᠡᠷᠮᠢᠴᠡ ᠷᠢᠳᠢ ᠰᠢᠳᠢ ᠵᠢ ᠬᠠᠷᠠᠭᠤᠯᠵᠦ᠂ ᠳᠤᠮᠳᠠᠳᠤ ᠶ᠋ᠢᠨ ᠰᠢ ᠲᠠᠭᠤᠷᠢᠯᠢᠭ ᠤ᠋ᠨ ᠲᠥᠪ ᠴᠢᠬᠡᠴᠢ ᠶ᠋ᠢ ᠪᠠᠷᠢᠮᠲᠠᠯᠠᠨ ᠂ ᠱᠢᠨ᠎ᠡ᠎ᠶ᠋ᠢ ᠡᠭᠦᠳᠬᠦ ᠡᠷᠴᠢ ᠵᠣᠷᠢᠭ ᠵᠢᠡᠷ ᠳᠤᠮᠳᠠᠳᠤ ᠶ᠋ᠢᠨ ᠦᠯᠢᠬᠡᠷ᠂ ᠳᠤᠮᠳᠠᠳᠤ ᠶ᠋ᠢᠨ ᠬᠡᠪ ᠨᠠᠮᠪᠠ ᠶ᠋ᠢ ᠲᠠᠢᠯᠪᠤᠷᠢᠯᠠᠬᠤ ᠪᠤᠯᠤᠨ᠎ᠠ ᠃ ᠤᠢᠯᠠᠭᠠᠭᠰᠠᠨ ᠵᠢᠡᠷ ᠂ ᠮᠠᠨ ᠤ᠋ ᠤᠷᠤᠨ ᠰᠢ ᠲᠠᠭᠤᠷᠢᠯᠢᠭ ᠤ᠋ᠨ《ᠨᠠᠷᠠᠲᠤ ᠬᠥᠮᠦᠰ ᠤ᠋ᠨ ᠰᠤᠩᠭᠤᠳᠠᠭ ᠪᠠᠳᠠᠭ ᠤ᠋ᠨ ᠲᠣᠭ᠍ᠯᠠᠯᠲᠠ》 ᠵᠢ ᠨᠢᠭᠡᠨᠲᠡ ᠳᠥᠷᠪᠡᠨ ᠬᠤᠭᠤᠴᠠᠭ᠎ᠠ ᠡᠷᠬᠢᠯᠡᠨ᠂ ᠳᠤᠮᠳᠠᠳᠤ ᠶ᠋ᠢᠨ ᠰᠣᠶᠣᠯ ᠢ᠋ ᠤᠯᠠᠮᠵᠢᠯᠠᠨ ᠪᠠᠳᠠᠷᠠᠭᠤᠯᠵᠤ᠂ ᠰᠢ ᠲᠠᠭᠤᠷᠢᠯᠢᠭ ᠤ᠋ᠨ ᠰᠣᠩᠭᠣᠳᠠᠭ ᠪᠦᠲᠦᠭᠡᠯ ᠢ᠋ ᠤᠯᠠᠮᠵᠢᠯᠠᠨ ᠵᠠᠯᠭᠠᠮᠵᠢᠯᠠᠬᠤ ᠵᠢᠨ ᠬᠠᠮᠳ ᠂ ᠣᠷᠣᠨ ᠨᠤᠲᠤᠭ ᠤ᠋ᠨ ᠰᠢ ᠲᠠᠭᠤᠷᠢᠯᠢᠭ ᠤ᠋ᠨ ᠬᠥᠭ᠌ᠵᠢᠯᠲᠡ ᠶ᠋ᠢ ᠠᠬᠢᠭᠤᠯᠵᠤ ᠂ ᠣᠯᠠᠨ ᠶᠠᠩᠵᠤ ᠶ᠋ᠢᠨ ᠲᠠᠭᠤᠷᠢᠯᠢᠭ ᠤ᠋ᠨ ᠬᠡᠯᠪᠡᠷᠢ ᠪᠡᠷ ᠳᠤᠮᠳᠠᠳᠤ ᠶ᠋ᠢᠨ ᠰᠢ ᠲᠠᠭᠤᠷᠢᠯᠢᠭ ᠤ᠋ᠨ ᠴᠣᠭ ᠵᠢᠪᠬᠤᠭ᠎ᠠ ᠶ᠋ᠢ ᠪᠠᠳᠠᠷᠠᠭᠤᠯᠬᠤ ᠳ᠋ᠤ ᠢᠳᠡᠪᠬᠢᠲᠡᠶ ᠬᠤᠪᠢ ᠨᠡᠮᠡᠷᠢ ᠦᠵᠡᠬᠦᠯᠪᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面