ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-02 15:13:58

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

8 ᠰᠠᠷ᠎ᠠ ᠵᠢᠨ 1 ᠤ᠋ ᠤᠷᠤᠢ ᠂ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠤᠨᠴᠠ ᠤᠷᠢᠭᠰᠠᠨ ᠪᠦᠳᠦᠭᠡᠯ ᠤ᠋ᠨ ᠲᠤᠭᠯᠠᠯᠳᠠ ᠵᠢᠨ ᠦᠵᠡᠬᠦᠯᠭᠡ ᠪᠤᠯᠬᠤ ᠲᠤᠮᠤ ᠬᠡᠯᠪᠡᠷᠢ ᠵᠢᠨ ᠨᠠᠢᠷᠠᠯ ᠬᠦᠭᠵᠢᠮᠳᠦ ᠡᠷᠡᠭᠳᠡᠢ ᠵᠢᠨ ᠨᠠᠢᠷᠠᠯ ᠳᠠᠭᠤᠤ ᠵᠢᠨ ᠦᠳᠡᠰᠢᠯᠡᠬᠡ 《ᠵᠠᠮᠴᠢᠯᠠᠭᠴᠢ·ᠬᠡᠷᠡᠯ ᠰᠠᠴᠤᠷᠠᠩᠭᠤᠢ ᠵᠠᠭᠤᠨ ᠵᠢᠯ》 ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠰᠦᠷ ᠳᠠᠯᠠᠢᠴᠠᠳᠠᠢ ᠶᠠᠪᠤᠭᠳᠠᠵᠤ ᠂ ᠦᠵᠡᠭᠴᠢ ᠤᠯᠠᠨ ᠵᠢᠡᠨ ᠪᠠᠶᠠᠰᠬᠠᠯ᠎ᠠ ᠃

ᠦᠳᠡᠰᠢᠯᠡᠬᠡ ᠳ᠋ᠤ ᠡᠷᠡᠭᠳᠡᠢ ᠵᠢᠨ ᠨᠠᠢᠷᠠᠯ ᠳᠠᠭᠤᠤ 《ᠡᠪ ᠬᠠᠮᠳᠦ ᠨᠠᠮ ᠦᠬᠡᠢ ᠪᠤᠯ ᠰᠢᠨ᠎ᠡ ᠲᠤᠮᠳᠠᠳᠦ ᠤᠯᠤᠰ ᠦᠬᠡᠢ》᠂ 《ᠵᠠᠮᠴᠢᠯᠠᠭᠴᠢ》᠂ 《ᠨᠠᠨ ᠨᠢ ᠸᠠᠨ》᠂ 《ᠨᠤᠲᠤᠭ ᠤ᠋ᠨ ᠳᠠᠭᠤᠤ ᠪᠠᠨ ᠨᠠᠮ᠎ᠳᠠᠭᠠᠨ ᠡᠷᠬᠦᠨ᠎ᠡ》 ᠂ ᠡᠷᠡᠭᠳᠡᠢ ᠵᠢᠨ ᠭᠤᠴᠤᠯᠠᠯ ᠳᠠᠭᠤᠤ 《ᠬᠠᠳᠤᠨ ᠭᠤᠤᠯ ᠤ᠋ᠨ ᠮᠠᠭᠳᠠᠭᠤ》 ᠂ 《ᠬᠦᠬᠡ ᠮᠦᠷᠡᠨ ᠤ᠋ ᠳᠠᠭᠤᠯᠠᠯ》 ᠵᠡᠷᠭᠡ 16 ᠰᠤᠩᠭᠤᠳᠠᠭ ᠳᠠᠭᠤᠤ ᠵᠢ ᠳᠠᠭᠤᠯᠠᠵᠦ᠂ ᠦᠳᠡᠰᠢᠯᠡᠭᠡ ᠵᠢᠨ ᠳᠠᠭᠤᠤ ᠬᠦᠭᠵᠢᠮ ᠢᠳᠡ ᠬᠦᠴᠦᠳᠠᠢ᠂ ᠰᠦᠷ ᠵᠢᠪᠬᠤᠯᠠᠩ ᠲᠠᠢ ᠪᠠᠢᠵᠦ᠂ ᠬᠦᠮᠦᠰ ᠤ᠋ᠨ ᠰᠡᠳᠬᠢᠯ ᠢ᠋ ᠲᠤᠩᠰᠤᠯᠭᠠᠨ ᠤᠮᠤᠭ ᠵᠤᠷᠢᠭ ᠢ᠋ ᠪᠠᠳᠠᠷᠠᠭᠠᠨ᠎ᠠ ᠃

ᠲᠤᠮᠳᠠᠳᠦ ᠤᠯᠤᠰ ᠤ᠋ᠨ ᠨᠠᠢᠷᠠᠯ ᠳᠠᠭᠤᠤ ᠵᠢᠨ ᠪᠦᠯᠬᠦᠮ ᠤ᠋ᠨ ᠡᠮᠡᠭᠳᠡᠢ ᠳᠠᠭᠤᠴᠢᠨ ᠤᠳᠤᠨᠭᠡᠷᠡᠯ᠄ 《ᠡᠨᠡ ᠤᠳᠠᠭ᠎ᠠ ᠪᠡᠭᠡᠵᠢᠩ ᠬᠤᠳᠠ ᠵᠢᠨ ᠤᠳᠬ᠎ᠠ ᠤᠷᠠᠯᠢᠭ ᠤ᠋ᠨ ᠬᠢᠨ ᠤ᠋ ᠬᠤᠯᠪᠤᠭ᠎ᠠ ᠵᠢᠨ ᠤᠷᠢᠯᠭ᠎ᠠ ᠪᠡᠷ ᠠᠩᠬ᠎ᠠ ᠤᠳᠠᠭ᠎ᠠ ᠨᠤᠲᠤᠭ ᠤᠰᠤᠨ ᠳ᠋ᠠᠭᠠᠨ ᠢᠷᠡᠵᠦ ᠲᠤᠭᠯᠠᠯᠳᠠ ᠭᠠᠷᠭᠠᠬᠤ ᠪᠤᠯᠤᠭᠰᠠᠨ ᠳ᠋ᠤ ᠮᠠᠰᠢ ᠪᠠᠶᠠᠷᠯᠠᠭᠰᠠᠨ ᠡ᠃ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠬᠦᠷ ᠬᠦᠭᠵᠢᠶᠡᠨ ᠲᠠᠢ ᠶᠠᠪᠤᠭᠳᠠᠵᠤ᠂ ᠠᠭᠤᠯᠭ᠎ᠠ ᠡᠯᠪᠡᠭ᠂ ᠬᠡᠯᠪᠡᠷᠢ ᠤᠯᠠᠨ ᠶᠠᠩᠵᠦ ᠵᠢᠨ ᠮᠦᠷᠳᠡᠭᠡᠨ ᠰᠢᠨ᠎ᠡ ᠰᠡᠪᠡᠬᠦᠨ ᠪᠠᠢᠨ᠎ᠠ᠃ ᠪᠢ ᠨᠤᠲᠤᠭ ᠤᠷᠤᠨ ᠤ᠋ ᠪᠠᠨ ᠲᠡᠭᠷᠢ ᠭᠠᠵᠠᠷ ᠢ᠋ ᠲᠤᠩᠰᠤᠯᠭᠠᠮ᠎ᠠ ᠬᠤᠪᠢᠷᠠᠯᠳᠠ ᠬᠦᠭᠵᠢᠯᠳᠡ ᠵᠢ ᠬᠠᠷᠠᠭᠠᠳ ᠲᠤᠢᠯ ᠵᠢᠡᠷ ᠤᠮᠤᠭᠰᠢᠵᠤ ᠪᠠᠢᠨ᠎ᠠ᠂ ᠨᠠᠮ᠎ᠠ ᠵᠢ ᠪᠠᠭ᠎ᠠ ᠪᠠᠢᠬᠤ ᠳ᠋ᠤ ᠡᠢᠮᠦᠷᠬᠦᠦ ᠰᠦᠷᠯᠢᠭ ᠬᠡᠬᠡᠨᠴᠢᠷ ᠤᠷᠠᠯᠢᠭ ᠵᠦᠴᠦᠭᠡ ᠵᠢᠨ ᠲᠢᠶᠠᠲ᠋ᠷ ᠪᠠᠢᠭ᠎ᠠ ᠦᠬᠡᠢ᠃ ᠡᠨᠡ ᠤᠳᠠᠭ᠎ᠠ ᠵᠢᠨ ᠲᠤᠭᠯᠠᠯᠳᠠ ᠳ᠋ᠤ ᠤᠯᠠᠨ ᠲᠠᠯ᠎ᠠ ᠪᠡᠷ ᠰᠢᠨ᠎ᠠ ᠵᠢ ᠡᠬᠦᠳᠴᠠᠢ᠂ ᠵᠢᠱ᠌ᠢᠶᠡᠯᠡᠪᠡᠯ᠂ ᠪᠢ ᠡᠷᠡᠭᠳᠡᠢ ᠵᠢᠨ ᠨᠠᠢᠷᠠᠯ ᠳᠠᠭᠤᠤ 〈ᠨᠠᠷᠠᠨ ᠤ᠋ ᠬᠡᠷᠡᠯ ᠲᠤᠤᠷ᠎ᠠ〉 ᠭᠡᠬᠦ ᠳᠠᠭᠤᠤ ᠵᠢ ᠲᠠᠭᠠᠭᠤᠯᠤᠨ ᠲᠠᠭᠤᠯᠠᠵᠠᠢ᠂ ᠡᠨᠡ ᠪᠤᠯ ᠤᠷᠢᠳᠦ ᠡᠮᠦᠨ᠎ᠡ ᠪᠠᠢᠭ᠎ᠠ ᠦᠬᠡᠢ ᠬᠡᠯᠪᠡᠷᠢ ᠶᠤᠮ 》 ᠭᠡᠵᠤ ᠶᠠᠷᠢᠯ᠎ᠠ ᠃

《ᠵᠠᠮᠴᠢᠯᠠᠭᠴᠢ·ᠬᠡᠷᠡᠯ ᠰᠠᠴᠤᠷᠠᠩᠭᠤᠢ ᠵᠠᠭᠤᠨ ᠵᠢᠯ》 ᠪᠤᠯ ᠲᠤᠰ ᠬᠤᠭᠤᠴᠠᠭᠠᠨ ᠤ᠋ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠬᠠᠷᠢᠯᠴᠠᠨ ᠰᠤᠷᠤᠯᠴᠠᠵᠦ ᠬᠠᠷᠢᠯᠴᠠᠨ ᠲᠤᠯᠢᠯᠠᠬᠤ ᠵᠢ ᠲᠤᠪᠤᠢᠯᠭᠠᠵᠤ᠂ ᠰᠤᠶᠤᠯ ᠤ᠋ᠨ ᠰᠢᠮ᠎ᠡ ᠵᠢ ᠬᠠᠮᠳᠤ ᠪᠡᠷ ᠡᠳ᠋ᠯᠡᠬᠦ ᠵᠢ ᠬᠦᠴᠦᠯᠡᠨ ᠠᠬᠢᠭᠤᠯᠬᠤ ᠵᠢ ᠵᠤᠷᠢᠭᠰᠠᠨ ᠰᠤᠯᠢᠯᠴᠠᠭᠠᠨ ᠤ᠋ ᠲᠤᠭᠯᠠᠯᠳᠠ ᠵᠢᠨ ᠨᠢᠭᠡ ᠪᠤᠯᠤᠨ᠎ᠠ᠃ ᠦᠪᠦᠷ ᠮᠤᠨᠭᠭᠤᠯ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠠᠬᠠᠯᠠᠭᠴᠢ ᠯᠢ ᠽᠢ ᠶᠤᠧᠠᠢ᠄ 《ᠲᠤᠰ ᠦᠳᠡᠰᠢᠯᠡᠬᠡ ᠳ᠋ᠤ ᠨᠡᠷᠡᠳᠦ ᠤᠳᠤᠷᠢᠳᠤᠭᠠᠴᠢ ᠵᠧᠩ ᠵᠢᠶᠠᠨ ᠪᠠᠭᠰᠢ ᠪᠤᠯᠤᠨ ᠪᠡᠭᠡᠵᠢᠩ ᠤ᠋ᠨ ᠨᠠᠢᠷᠠᠯ ᠳᠠᠭᠤᠤ ᠵᠢᠨ ᠪᠦᠯᠬᠦᠮ᠎ᠢ ᠵᠠᠯᠠᠵᠦ ᠬᠠᠮᠳᠤᠷᠠᠨ ᠲᠤᠭᠯᠠᠵᠠᠢ᠃ ᠡᠨᠡ ᠨᠢ ᠤᠷᠤᠨ ᠪᠦᠰᠡ ᠵᠢᠨ ᠬᠤᠭᠤᠷᠤᠨᠳᠤᠬᠢ ᠰᠤᠶᠤᠯ ᠤ᠋ᠨ ᠰᠤᠯᠢᠯᠴᠠᠭ᠎ᠠ ᠳ᠋ᠤ ᠮᠠᠰᠢ ᠶᠡᠬᠡ ᠢᠳᠡᠪᠬᠢ ᠦᠢᠯᠡᠳᠦᠯ ᠦᠵᠡᠬᠦᠯᠵᠤ᠂ ᠬᠠᠷᠢᠯᠴᠠᠨ ᠰᠤᠷᠤᠯᠴᠠᠵᠦ ᠬᠠᠷᠢᠯᠴᠠᠨ ᠲᠤᠯᠢᠯᠠᠬᠤ ᠮᠠᠰᠢ ᠰᠠᠢᠨ ᠳᠠᠪᠴᠠᠩ ᠢ᠋ ᠬᠠᠩᠭᠠᠪᠠ᠃ ᠮᠢᠨᠤ ᠬᠤᠪᠢ ᠬᠦᠮᠦᠨ ᠤ᠋ ᠤᠷ᠎ᠠ ᠮᠡᠷᠭᠡᠵᠢᠯ ᠤ᠋ᠨ ᠳᠡᠭᠡᠭᠰᠢᠯᠡᠯᠳᠡ ᠳᠡᠳᠦᠢ ᠦᠬᠡᠢ᠂ ᠦᠪᠦᠷ ᠮᠤᠨᠭᠭᠤᠯ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠪᠦᠬᠦ ᠬᠡᠰᠢᠬᠦᠳ ᠤ᠋ᠨ ᠬᠤᠭᠤᠷᠤᠨᠳᠤᠬᠢ ᠬᠠᠮᠳᠤᠷᠠᠯᠴᠠᠭᠠᠨ ᠳ᠋ᠤ ᠨᠠᠨᠳᠢᠨ ᠲᠤᠷᠰᠢᠯᠭ᠎ᠠ ᠬᠠᠩᠭᠠᠯ᠎ᠠ ᠭᠡᠵᠦ ᠪᠤᠳᠤᠵᠦ ᠪᠠᠢᠨ᠎ᠠ᠃ ᠡᠨᠡ ᠤᠷᠤᠢ ᠵᠢᠨ ᠦᠳᠡᠰᠢᠯᠡᠭᠡ ᠳ᠋ᠤ ᠳᠠᠭᠤᠯᠠᠵᠦ ᠬᠦᠭᠵᠢᠮᠳᠡᠭᠰᠡᠨ ᠪᠦᠳᠦᠭᠡᠯ ᠪᠤᠯ ᠪᠦᠷ ᠰᠤᠩᠭᠤᠳᠠᠭ ᠬᠤᠪᠢᠰᠬᠠᠯ ᠤ᠋ᠨ ᠳᠠᠭᠤᠤ ᠨᠤᠭᠤᠳ ᠪᠤᠯᠤᠨ᠎ᠠ᠃ ᠮᠠᠨ ᠤ᠋ ᠬᠦᠨᠳᠦᠳᠬᠡᠨ ᠤᠷᠢᠭᠰᠠᠨ ᠴᠧᠩ ᡁᠢ ᠪᠠᠭᠰᠢ ᠪᠤᠯ 78 ᠲᠠᠢ ᠠᠬᠠᠮᠠᠳ ᠤᠷᠠᠯᠢᠭᠴᠢᠨ᠂ ᠬᠡᠪᠡᠴᠦ ᠬᠤᠪᠢᠰᠬᠠᠯ ᠤ᠋ᠨ ᠳᠠᠭᠤᠤ ᠵᠢ ᠳᠠᠭᠤᠯᠠᠭᠠᠳ ᠢᠷᠡᠬᠦ ᠪᠡᠷ ᠨᠠᠮ ᠵᠢᠡᠨ ᠭᠡᠰᠡᠨ ᠤᠷᠬᠢᠯᠤᠮ᠎ᠠ ᠬᠠᠯᠠᠭᠤᠨ ᠰᠡᠳᠬᠢᠯᠬᠡ ᠵᠢ ᠨᠢ ᠦᠵᠡᠭᠴᠢ ᠪᠦᠬᠦᠨ ᠮᠡᠳᠡᠷᠡᠭᠰᠡᠨ ᠪᠠᠢᠯᠬᠦᠢ⁈ ᠡᠨᠡ ᠪᠤᠯ ᠨᠠᠮ ᠵᠢᠡᠨ ᠬᠠᠢᠷᠠᠯᠠᠳᠠᠭ ᠤᠳᠬ᠎ᠠ ᠤᠷᠠᠯᠢᠬ ᠤ᠋ᠨ ᠠᠵᠢᠯᠳᠠᠨ ᠤ᠋ ᠲᠦᠯᠦᠭᠡᠯᠡᠭᠴᠢ ᠲᠦᠷᠢ ᠪᠠᠢᠭ᠎ᠠ ᠶᠤᠮ》 ᠭᠡᠵᠦ ᠲᠤᠭᠳᠤᠯᠤᠨ ᠶᠠᠷᠢᠵᠤ ᠪᠠᠢᠯ᠎ᠠ᠃



  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面