ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-03 15:56:05

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

8 ᠰᠠᠷ᠎ᠠ ᠵᠢᠨ 2 ᠤ᠋ᠨ ᠤᠷᠤᠢ ᠂ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠳᠠᠭᠤᠤ ᠬᠦᠭᠵᠢᠮ ᠤ᠋ᠨ ᠲᠢᠶᠠᠲ᠋ᠷ ᠲᠦ᠍ ᠢᠷᠠᠭᠤ ᠠᠶᠠᠰ ᠴᠤᠤᠷᠢᠶᠠᠳᠤᠨ ᠦᠵᠡᠭᠴᠢ ᠤᠯᠠᠨ ᠪᠠᠶᠠᠰᠤᠯᠴᠠᠵᠤ ᠂ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ· ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠴᠢᠬᠤᠯᠠ ᠨᠢᠭᠡᠨ ᠲᠤᠭᠯᠠᠯᠳᠠ ᠪᠤᠯᠬᠤ 《ᠨᠡᠷᠡᠲᠦ ᠬᠦᠮᠦᠰ ᠬᠢᠬᠡᠳ ᠰᠤᠩᠭᠤᠳᠠᠭ ᠪᠦᠳᠦᠬᠡᠯ》 ᠤ᠋ᠨ ᠳᠠᠭᠤᠤ ᠬᠦᠭᠵᠢᠮ ᠤ᠋ᠨ ᠦᠳᠡᠰᠢᠯᠡᠭᠡ ᠬᠦᠷ ᠬᠦᠭᠵᠢᠶᠡᠨ ᠲᠠᠢ ᠶᠠᠪᠤᠭᠳᠠᠵᠠᠢ ᠃

ᠦᠳᠡᠰᠢᠯᠡᠭᠡ ᠲᠠᠬᠡᠷ᠎ᠠ ᠪᠡᠭᠡᠵᠢᠩ ᠤ᠋ᠨ ᠳᠠᠭᠤᠤ ᠬᠦᠭᠵᠢᠮᠴᠢᠳ ᠤ᠋ᠨ ᠨᠡᠢᠭᠡᠮᠯᠢᠭ ᠂ ᠪᠡᠭᠡᠵᠢᠩ ᠤ᠋ᠨ ᠳᠠᠭᠤᠤ ᠬᠦᠭᠵᠢᠮᠴᠢᠳ ᠤ᠋ᠨ ᠨᠡᠢᠭᠡᠮᠯᠢᠭ ᠤ᠋ᠨ ᠨᠠᠢᠷᠠᠯ ᠳᠠᠭᠤᠤ ᠵᠢᠨ ᠪᠦᠯᠬᠦᠮ ᠪᠤᠯᠤᠨ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠤᠷᠠᠯᠢᠭᠴᠢᠳ ᠡᠴᠡ 《ᠬᠦᠳᠡᠭᠡ ᠳᠠᠯ᠎ᠠ ᠳ᠋ᠤ ᠮᠦᠩᠬᠡ ᠵᠢᠨ ᠨᠠᠷᠠ ᠮᠠᠨᠳᠤᠯ᠎ᠠ》 ᠂ 《ᠠᠪᠤ ᠵᠢᠨ ᠳᠠᠯ᠎ᠠ ᠡᠵᠢ ᠵᠢᠨ ᠭᠤᠤᠯ》 ᠂ 《ᠲᠡᠭᠷᠢ ᠵᠢᠨ ᠬᠠᠶᠠᠭ᠎ᠠ》 ᠂ 《ᠲᠡᠷᠡ ᠬᠤᠯᠠ ᠵᠢᠨ ᠨᠤᠲᠤᠭ》 ᠂ 《ᠬᠠᠳᠤᠨ ᠭᠤᠤᠯ ᠤ᠋ᠨ ᠮᠠᠭᠳᠠᠭᠤ》 ᠂ 《ᠡᠪ ᠬᠠᠮᠳᠤ ᠵᠠᠯᠠᠭᠤᠴᠤᠳ ᠤ᠋ᠨ ᠳᠠᠭᠤᠯᠠᠯ》 ᠵᠡᠷᠭᠡ ᠬᠦᠮᠦᠰ ᠤ᠋ᠨ ᠰᠠᠢᠨ ᠮᠡᠳᠡᠳᠡᠭ ᠂ ᠰᠤᠨᠤᠰᠬᠤ ᠲᠤᠷᠠᠳᠠᠢ᠂ ᠳᠠᠭᠤᠯᠠᠬᠤ ᠲᠤᠷᠠᠳᠠᠢ ᠲᠤᠮᠳᠠᠳᠦ ᠭᠠᠳᠠᠭᠠᠳᠦ ᠵᠢᠨ ᠪᠠ ᠮᠠᠨ ᠤ᠋ ᠤᠷᠤᠨ ᠤ᠋ ᠰᠤᠩᠭᠤᠳᠠᠭ ᠳᠠᠭᠤᠤ ᠨᠤᠭᠤᠳ ᠢ᠋ ᠰᠢᠨ᠎ᠡ ᠪᠡᠷ ᠨᠠᠢᠷᠠᠭᠤᠯᠤᠨ ᠳᠠᠭᠤᠯᠠᠭᠰᠠᠨ ᠪᠠᠢᠨ᠎ᠠ ᠃

ᠲᠦᠪ ᠤ᠋ᠨ ᠳᠠᠭᠤᠤ ᠬᠦᠭᠵᠢᠮ ᠤ᠋ᠨ ᠳᠡᠭᠡᠳᠦ ᠰᠤᠷᠭᠠᠭᠤᠯᠢ ᠵᠢᠨ ᠪᠠᠭᠰᠢ ᠬᠤᠧᠠᠩ ᠬᠤᠧᠠ ᠯᠢ ᠄ 《ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠤᠷᠤᠯᠴᠠᠭᠠᠳ ᠶᠡᠬᠡ ᠪᠠᠶᠠᠷ ᠳᠠᠢ ᠪᠠᠢᠨ᠎ᠠ ᠃ ᠰᠤᠶᠤᠯ ᠤ᠋ᠨ ᠨᠠᠢᠷ ᠨᠢ ᠦᠪᠦᠷ ᠮᠤᠨᠭᠭᠤᠯ ᠤ᠋ᠨ ᠤᠨᠴᠠᠯᠢᠭ ᠂ ᠦᠪᠦᠷ ᠮᠤᠨᠭᠭᠤᠯ ᠤ᠋ᠨ ᠳᠠᠭᠤᠤ ᠬᠦᠭᠵᠢᠮ ᠤ᠋ᠨ ᠤᠨᠴᠠᠯᠢᠭ ᠂ ᠤᠨᠴᠠ ᠪᠠᠢᠳᠠᠭ ᠤᠷᠤᠨ ᠨᠤᠲᠤᠭ ᠤ᠋ᠨ ᠤᠨᠴᠠᠯᠢᠭ ᠵᠢᠡᠨ ᠲᠤᠪᠤᠢᠯᠭᠠᠭᠰᠠᠨ ᠵᠢᠡᠷ ᠳᠠᠭᠤᠤ ᠤᠷᠠᠯᠢᠭ ᠂ ᠰᠤᠶᠤᠯ ᠤ᠋ᠨ ᠬᠦᠭᠵᠢᠯᠳᠡ ᠵᠢ ᠠᠬᠢᠭᠤᠯᠬᠤ ᠨᠢ ᠯᠠᠪᠳᠠᠢ ᠂ ᠮᠦᠨ ᠴᠦ᠍ ᠠᠷᠠᠳ ᠤᠯᠠᠨ ᠤ᠋ ᠵᠢᠷᠭᠠᠯᠳᠦ ᠲᠦᠷᠦᠭᠳᠡᠯ ᠢ᠋ ᠨᠡᠮᠡᠭᠳᠡᠬᠦᠯᠬᠦ ᠨᠢ ᠯᠠᠪᠳᠠᠢ ᠭᠡᠵᠦ ᠪᠤᠳᠤᠵᠦ ᠪᠠᠢᠨ᠎ᠠ ᠃ ᠰᠤᠩᠭᠤᠳᠠᠭ ᠲᠠᠭᠤᠤ ᠬᠦᠮᠦᠰ ᠲᠦ᠍ ᠤᠷᠮ᠎ᠠ ᠵᠤᠷᠢᠭ ᠬᠠᠢᠷᠠᠯᠠᠳᠠᠭ᠂ ᠪᠢᠳᠡᠨ ᠤ᠋ ᠤᠷᠠᠯᠢᠭᠴᠢᠨ ᠨᠢᠭᠡ ᠪᠦᠷᠢ ᠵᠠᠪᠠᠯ ᠰᠡᠳᠬᠢᠯ ᠳᠠᠯᠪᠢᠵᠦ ᠬᠦᠴᠦ ᠤᠷᠤᠭᠤᠯᠤᠨ᠂ ᠰᠡᠳᠬᠢᠯᠭᠡ ᠲᠠᠢ ᠪᠡᠷ ᠰᠤᠩᠭᠤᠳᠠᠭ ᠪᠦᠳᠦᠭᠡᠯ ᠢ᠋ ᠳᠠᠭᠤᠯᠠᠵᠤ ᠂ ᠰᠤᠩᠭᠤᠳᠠᠭ ᠲᠠᠭᠤᠤ ᠪᠠᠨ ᠠᠷᠠᠳ ᠲᠦᠮᠡᠨ ᠳ᠋ᠤ ᠲᠠᠪᠰᠢᠬᠦᠯᠬᠦ ᠶᠤᠰᠤᠳᠠᠢ》 ᠬᠡᠵᠤ ᠶᠠᠷᠢᠯ᠎ᠠ ᠃ 《ᠪᠢ ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠤᠯᠠᠨ ᠤᠳᠠᠭ᠎ᠠ ᠤᠷᠤᠯᠴᠠᠵᠦ ᠪᠠᠢᠨ᠎ᠠ ᠃ ᠡᠨᠡ ᠤᠳᠠᠭ᠎ᠠ 〈ᠬᠦᠳᠡᠭᠡ ᠳᠠᠯ᠎ᠠ ᠳ᠋ᠤ ᠮᠦᠩᠬᠡ ᠵᠢᠨ ᠨᠠᠷᠠ ᠮᠠᠨᠳᠤᠯ᠎ᠠ〉 ᠭᠡᠬᠦ ᠳᠠᠭᠤᠤ ᠵᠢ ᠳᠠᠭᠤᠯᠠᠭᠰᠠᠨ ᠂ ᠡᠨᠡ ᠲᠠᠭᠤᠤ ᠵᠢ ᠲᠠᠭᠤᠯᠠᠬᠤ ᠳ᠋ᠤ ᠳᠤᠳᠤᠷ᠎ᠠ ᠨᠢᠬᠡ ᠯᠡ ᠠᠭᠤᠵᠢᠷᠠᠭᠰᠠᠨ ᠰᠢᠬ ᠰᠠᠨᠠᠭᠳᠠᠳᠠᠭ ᠃ ᠵᠠᠯᠠᠭᠤ ᠨᠢᠭᠡ ᠦᠶ᠎ᠡ ᠵᠢᠨ ᠤᠷᠠᠯᠢᠭᠴᠢᠨ ᠪᠢᠳᠡ ᠠᠬᠠᠮᠠᠳ ᠨᠢᠭᠡ ᠦᠶ᠎ᠡ ᠵᠢᠨ ᠤᠷᠠᠯᠢᠭᠴᠢᠨ ᠤ᠋ ᠤᠯᠠᠮᠵᠢᠯᠠᠯ ᠢ᠋ ᠵᠠᠯᠭᠠᠮᠵᠢᠯᠠᠨ᠎ᠠ ᠂ ᠭᠡᠶ᠎ᠡ ᠦᠬᠦᠮᠡᠯ ᠵᠢᠡᠷ ᠳᠠᠭᠤᠷᠢᠶᠠᠬᠤ ᠪᠢᠰᠢ ᠂ ᠦᠪᠡᠷ ᠤ᠋ᠨ ᠭᠡᠰᠡᠨ ᠬᠡᠪ ᠨᠠᠮᠪᠠ ᠲᠠᠢ ᠪᠠᠢᠪᠠᠯ ᠰᠠᠶᠢ ᠨᠡᠩ ᠤᠯᠠᠨ ᠵᠠᠯᠠᠭᠤᠴᠤᠳ ᠢ᠋ ᠬᠦᠳᠦᠯᠦᠨ ᠳᠠᠭᠠᠭᠤᠯᠵᠦ᠂ ᠢᠷᠠᠭᠤ ᠡᠷᠬᠢᠮᠰᠤᠭ᠌ ᠳᠠᠭᠤᠤ ᠤᠷᠠᠯᠢᠭ ᠲᠦ᠍ ᠳᠤᠷ᠎ᠠ ᠪᠠᠬᠠᠳᠠᠢ ᠪᠤᠯᠭᠠᠵᠦ ᠴᠢᠳᠠᠬᠤ ᠶᠤᠮ ᠃ ᠡᠨᠡ ᠵᠢᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠭᠠᠳᠠᠨ᠎ᠠ ᠡᠴᠡ ᠮᠠᠰᠢ ᠤᠯᠠᠨ ᠰᠢᠯᠢᠳᠡᠭ ᠰᠠᠢᠨ ᠤᠷᠠᠯᠢᠭ ᠤ᠋ᠨ ᠪᠦᠯᠬᠦᠮ ᠢ᠋ ᠤᠷᠢᠵᠤ ᠲᠤᠭᠯᠠᠯᠳᠠ ᠭᠠᠷᠭᠠᠯᠭᠠᠵᠤ ᠪᠠᠢᠨ᠎ᠠ ᠂ ᠡᠨᠡ ᠪᠤᠯ ᠮᠠᠰᠢ ᠰᠠᠢᠨ ᠤᠷᠠᠯᠢᠭ ᠤ᠋ᠨ ᠠᠭᠤᠷ ᠠᠮᠢᠰᠬᠤᠯ ᠮᠦᠨ᠃ ᠪᠢᠳᠡᠨ ᠴᠦ᠍ ᠡᠨᠳᠡ ᠢᠷᠡᠭᠡᠳ ᠡᠨᠳᠡᠬᠢ ᠵᠢᠨ ᠰᠢᠯᠢᠳᠡᠭ ᠠᠪᠢᠶᠠᠰᠯᠢᠬ ᠲᠠᠭᠤᠴᠢᠨ ᠤᠷᠠᠯᠢᠭᠴᠢᠨ ᠤ᠋ ᠦᠪᠡᠷᠮᠢᠴᠡ ᠬᠡᠪ ᠨᠠᠮᠪᠠ ᠵᠢ ᠪᠠᠬᠠᠷᠬᠠᠨ ᠰᠢᠩᠭᠡᠭᠡᠨ ᠠᠪᠴᠦ ᠪᠠᠢᠨ᠎ᠠ ᠃ ᠦᠪᠦᠷ ᠮᠤᠨᠭᠭᠤᠯ ᠤ᠋ᠨ ᠬᠦᠮᠦᠰ ᠪᠦᠷ ᠰᠢᠯᠤᠭᠤᠨ ᠰᠢᠳᠤᠷᠭᠤ ᠪᠤᠷᠤᠭᠵᠢᠭᠤᠨ ᠵᠠᠩ ᠲᠠᠢ ᠂ ᠪᠠᠢᠭᠠᠯᠢ ᠤᠷᠴᠢᠨ ᠨᠢ ᠴᠦ᠍ ᠴᠡᠪᠡᠷ ᠲᠤᠩᠭᠠᠯᠠᠭ ᠂ ᠬᠤᠭᠤᠯᠠ ᠬᠤᠰᠢ ᠨᠢ ᠪᠠᠰᠠ ᠠᠮᠳᠠᠳᠠᠢ》 ᠭᠡᠵᠤ ᠲᠤᠮᠳᠠᠳᠦ ᠤᠯᠤᠰ ᠤ᠋ᠨ ᠳᠠᠭᠤᠯᠠᠯᠳᠦ ᠵᠦᠴᠦᠭᠡ ᠪᠦᠵᠢᠭᠳᠦ ᠵᠦᠴᠦᠭᠡ ᠵᠢᠨ ᠬᠦᠷᠢᠶᠡᠯᠡᠩ ᠤ᠋ᠨ ᠵᠠᠯᠠᠭᠤ ᠳᠠᠭᠤᠴᠢᠨ ᠢᠥᠢ ᠬᠠᠢ ᠶᠠᠩ ᠶᠠᠷᠢᠨ᠎ᠠ ᠃

ᠦᠳᠡᠰᠢᠯᠡᠬᠡ ᠴᠠᠭ ᠬᠠᠭᠠᠰ ᠶᠠᠪᠤᠭᠳᠠᠭᠠᠳ 《ᠮᠢᠨᠤ ᠨᠠᠷᠠ》 ᠭᠡᠬᠦ ᠳᠠᠭᠤᠤ ᠪᠡᠷ ᠦᠨᠳᠦᠷᠯᠡᠪᠡ᠃ ᠦᠵᠡᠭᠴᠢᠳ ᠵᠢᠡᠨ ᠪᠠᠶᠠᠰᠬᠠᠬᠰᠠᠨ ᠤᠷᠠᠯᠢᠭ᠎ᠤᠨ ᠨᠢᠬᠡᠨ ᠰᠠᠢᠬᠠᠨ ᠦᠳᠡᠰᠢᠯᠡᠬᠡ ᠢᠩᠬᠢᠵᠦ ᠵᠢᠷᠭᠠᠯ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面