ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-04 10:28:45

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

《ᠳᠣᠷᠣᠨ᠎ᠠ ᠵᠦᠭ ᠲᠤᠶᠠᠭᠠᠷᠠᠯ᠎ᠠ》 ᠂ 《ᠵᠢᠩᠭᠠᠩᠱᠠᠨ》 ᠂ 《ᠰᠤᠩᠭᠠᠷᠢ ᠮᠦᠷᠡᠨ ᠳᠡᠭᠡᠷ᠎ᠡ》 ᠂ 《ᠫᠠᠷᠲ᠋ᠢᠽᠠᠨ ᠠᠩᠬᠢ ᠵᠢᠨ ᠳᠠᠭᠤᠯᠠᠯ》 ᠂ 《ᠨᠠᠨ ᠨᠢ ᠸᠠᠨ》 ᠂ 《ᠮᠠᠭᠳᠠᠭᠠᠯ ᠳᠠᠭᠤᠤ》 ᠁ ᠲᠠᠭᠤᠤ ᠨᠢᠬᠡ ᠪᠦᠷᠢ ᠨᠢ ᠦᠵᠡᠭᠴᠢ ᠤᠯᠠᠨ ᠤ᠋ ᠰᠡᠳᠭᠢᠯ ᠵᠢᠷᠦᠬᠡ ᠵᠢ ᠳᠣᠭ᠍ᠳᠣᠯᠤᠭᠤᠯᠵᠤ ᠂ ᠡᠷᠴᠢ ᠵᠤᠷᠢᠭ ᠢ᠋ ᠬᠦᠪᠴᠢᠯᠡᠨ᠎ᠠ ᠃

8 ᠰᠠᠷ᠎ᠠ ᠵᠢᠨ 3 ᠤ᠋ ᠤᠷᠤᠢ ᠂ ᠤᠯᠤᠰ ᠤ᠋ᠨ ᠨᠢᠭᠡᠳᠦᠭᠡᠷ ᠳᠡᠰ ᠤ᠋ᠨ ᠤᠳᠤᠷᠢᠳᠤᠭᠠᠴᠢ ᠵᠧᠩ ᠵᠢᠶᠠᠨ᠂ ᠪᠡᠭᠡᠵᠢᠩ ᠤ᠋ᠨ ᠳᠠᠭᠤᠤ ᠬᠥᠭ᠌ᠵᠢᠮ ᠤ᠋ᠨ ᠨᠡᠢᠭᠡᠮᠯᠢᠭ ᠤ᠋ᠨ ᠨᠠᠢᠷᠠᠯ ᠳᠠᠭᠤᠤ ᠵᠢᠨ ᠪᠦᠯᠬᠦᠮ ᠪᠤᠯᠤᠨ ᠥᠪᠥᠷ ᠮᠣᠩᠭᠣᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠡᠴᠡ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠲᠦ᠍ ᠬᠦᠨᠳᠦ ᠪᠡᠯᠡᠭ ᠪᠤᠯᠭᠠᠨ ᠲᠡᠪᠰᠢᠬᠦᠯᠦᠭᠰᠡᠨ ᠲᠤᠮᠤ ᠬᠡᠯᠪᠡᠷᠢ ᠵᠢᠨ ᠲᠠᠭᠤᠤ ᠬᠦᠭᠵᠢᠮ ᠤ᠋ᠨ ᠲᠤᠤᠯᠢᠰ 《ᠲᠤᠷᠤᠨ᠎ᠠ ᠵᠦᠭ ᠲᠤᠶᠠᠭᠠᠷᠠᠯ᠎ᠠ》 ᠦᠳᠡᠰᠢᠯᠡᠬᠡ ᠬᠦᠬᠡᠬᠤᠳᠠ ᠳ᠋ᠡᠬᠢ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠶᠠᠪᠤᠭᠳᠠᠯ᠎ᠠ ᠃ 27 ᠬᠤᠪᠢᠰᠭᠠᠯ ᠤ᠋ᠨ ᠳᠠᠭᠤᠤ ᠪᠡᠷ ᠪᠦᠷᠢᠯᠳᠦᠭᠰᠡᠨ ᠡᠨᠡ ᠬᠦ᠌ ᠦᠳᠡᠰᠢᠯᠡᠬᠡ ᠨᠢ ᠳᠤᠮᠳᠠᠳᠤ ᠤᠯᠤᠰ ᠤ᠋ᠨ ᠠᠷᠠᠳ ᠲᠦᠮᠡᠨ ᠡᠪ ᠬᠠᠮᠳᠦ ᠨᠠᠮ ᠤ᠋ᠨ ᠤᠳᠤᠷᠢᠳᠤᠯᠭ᠎ᠠ ᠳᠣᠣᠷ᠎ᠠ ᠡᠮᠦᠨᠡᠬᠢ ᠨᠢ ᠤᠨᠠᠪᠠᠯ ᠬᠣᠢᠨᠠᠬᠢ ᠨᠢ ᠵᠠᠯᠭᠠᠮᠵᠢᠯᠠᠨ᠂ ᠴᠢᠯᠥᠭᠡᠯᠡᠯᠲᠡ ᠪᠠ ᠢᠯᠠᠯᠲᠠ ᠵᠢᠨ ᠲᠦᠯᠦᠭᠡ ᠲᠡᠮᠡᠴᠡᠭᠰᠡᠨ ᠭᠡᠷᠡᠯ ᠰᠠᠴᠤᠷᠠᠩᠭᠤᠢ ᠲᠡᠦᠬᠡᠨ ᠶᠠᠪᠤᠴᠠ ᠵᠢ ᠤᠷᠠᠯᠢᠭ ᠵᠢᠡᠷ ᠢᠯᠡᠷᠡᠭᠦᠯᠵᠦ᠍ ᠂ ᠳᠤᠮᠳᠠᠳᠤ ᠤᠯᠤᠰ ᠤ᠋ᠨ ᠠᠷᠠᠳ ᠲᠦᠮᠡᠨ ᠤ᠋ ᠨᠤᠭᠤᠷᠠᠰᠢ ᠦᠭᠡᠢ ᠲᠡᠮᠡᠴᠡᠬᠦ ᠵᠣᠷᠢᠭ ᠰᠠᠨᠠᠭ᠎ᠠ ᠵᠢᠴᠢ ᠰᠠᠢ᠌ᠨ ᠰᠠᠢᠬᠠᠨ ᠢᠷᠡᠭᠡᠳᠦᠢ ᠪᠡᠨ ᠤᠭ᠍ᠲᠤᠨ ᠠᠪᠤᠭ᠍ᠰᠠᠨ ᠪᠠᠶᠠᠷ ᠪᠠᠶᠠᠰᠭᠤᠯᠠᠩᠲᠤ ᠰᠡᠳᠭᠢᠯᠭᠡ ᠵᠢ ᠮᠠᠭ᠍ᠲᠠᠨ ᠳᠠᠭᠤᠯᠠᠵᠠᠢ ᠃

《ᠳᠣᠷᠣᠨ᠎ᠠ ᠵᠦᠭ ᠲᠤᠶᠠᠭᠠᠷᠠᠯ᠎ᠠ》 ᠪᠣᠯ ᠬᠦᠮᠦᠰ ᠤ᠋ᠨ ᠰᠡᠳᠬᠢᠯ ᠳ᠋ᠤ ᠬᠠᠳᠠᠩᠰᠢᠭᠰᠠᠨ ᠰᠣᠩᠭᠣᠳᠠᠭ ᠪᠦᠲᠦᠭᠡᠯ ᠂ ᠬᠤᠪᠢᠰᠬᠠᠯ ᠤ᠋ᠨ ᠲᠠᠭᠤᠤ ᠬᠦᠭᠵᠢᠮ ᠤ᠋ᠨ ᠲᠤᠤᠯᠢᠰ ᠪᠤᠯᠬᠤ ᠶᠤᠮ ᠃ ᠦᠳᠡᠰᠢᠯᠡᠭᠡ ᠨᠢ 《ᠳᠣᠷᠣᠨ᠎ᠠ ᠵᠦᠭ ᠲᠤᠶᠠᠭᠠᠷᠠᠯ᠎ᠠ》 ᠬᠡᠬᠦ ᠳᠠᠭᠤᠤ ᠪᠡᠷ ᠡᠬᠢᠯᠡᠵᠠᠢ ᠃ ᠤᠨᠴᠠ ᠤᠷᠢᠭᠰᠠᠨ ᠠᠯᠳᠠᠷᠳᠦ ᠳᠠᠭᠤᠴᠢᠨ ᠴᠧᠩ ᡁᠢ ᠵᠢᠨ ᠳᠠᠭᠤᠯᠠᠭᠰᠠᠨ 《ᠲᠤᠯᠤᠭᠠᠨ ᠦᠬᠡᠳᠦ ᠰᠢᠯᠦᠭ· ᠤᠷᠲᠦ ᠵᠠᠮ ᠤ᠋ᠨ ᠠᠶᠠᠨ ᠳᠠᠢᠨ》 ᠨᠢ ᠦᠳᠡᠰᠢᠯᠡᠬᠡ ᠵᠢ ᠤᠷᠬᠢᠯ ᠳ᠋ᠤ ᠬᠦᠷᠭᠡᠨ ᠂ ᠰᠤᠩᠭᠤᠳᠠᠭ ᠳᠠᠭᠤᠤ ᠤᠷᠠᠯᠢᠭ ᠤ᠋ᠨ ᠭᠠᠢᠬᠠᠮᠰᠢᠭ ᠢ᠋ ᠦᠵᠡᠬᠦᠯᠵᠦ ᠂ ᠠᠬᠤᠢ ᠳᠠᠯᠠᠪᠠᠢ ᠵᠢᠨ ᠦᠵᠡᠭᠴᠢᠳ ᠪᠤᠯᠤᠨ ᠲᠤᠭᠯᠠᠭᠴᠢᠳ ᠪᠦᠬᠦᠳᠡᠭᠡᠷ ᠪᠤᠰᠴᠤ ᠵᠤᠭᠰᠤᠨ ᠠᠯᠠᠭ᠎ᠠ ᠳᠠᠰᠢᠵᠦ ᠠᠬᠠᠮᠠᠳ ᠤᠷᠠᠯᠢᠭᠴᠢᠤᠨ ᠲᠠᠭᠠᠨ ᠬᠦᠨ ᠬᠦᠨᠳᠦᠳᠬᠡᠯ ᠳᠡᠪᠰᠢᠬᠦᠯᠦᠭᠰᠡᠨ ᠪᠠᠢᠨ᠎ᠠ ᠃

ᠦᠳᠡᠰᠢᠯᠡᠬᠡ ᠦᠶ᠎ᠡ ᠦᠶ᠎ᠡ ᠨᠢᠵᠢᠬᠢᠨᠡᠬᠦ ᠠᠯᠠᠭ᠎ᠠ ᠳᠠᠰᠢᠯᠳᠠ ᠵᠢᠨ ᠲᠤᠮᠳᠠ ᠦᠷᠬᠦᠯᠵᠢᠯᠡᠭᠰᠡᠬᠡᠷ ᠃ 《ᠤᠯᠠᠭᠠᠨ ᠲᠤᠭ ᠠᠭᠤᠯᠠ ᠵᠢ ᠪᠦᠷᠬᠦᠵᠦ \\ ᠦᠩᠭᠡ ᠵᠢᠨ ᠴᠡᠴᠡᠭ ᠦᠪᠴᠢ ᠳᠡᠯᠭᠡᠷᠡᠯ᠎ᠡ ᠃ ᠬᠦᠮᠦᠨ ᠪᠦᠬᠦᠨ ᠤᠯᠠᠭᠠᠨ ᠴᠡᠷᠢᠭ ᠢ᠋ ᠬᠠᠢᠷᠠᠯᠠᠨ᠎ᠠ \\ ᠬᠡᠥᠬᠡᠨ ᠦᠷ᠎ᠡ ᠨᠢ ᠡᠪᠡᠰᠤᠨ ᠱᠠᠬᠠᠢ ᠬᠦᠷᠭᠡᠵᠦ ᠢᠷᠡᠯ᠎ᠡ ᠁》 ᠭᠡᠵᠤ ᠬᠦᠧᠧ ᠱᠦᠢ ᠮᠢᠶᠤᠤ ᠰᠡᠳᠬᠢᠯᠭᠡ ᠬᠦᠨ ᠳᠠᠭᠤᠯᠠᠵᠦ ᠭᠠᠷᠤᠯ᠎ᠠ ᠃ 《ᠬᠤᠪᠢᠰᠬᠠᠯ ᠤ᠋ᠨ ᠬᠦᠴᠢᠷ ᠪᠡᠷᠭᠡᠳᠠᠢ ᠤᠨ ᠴᠠᠭ ᠲᠦ᠍ ᠠᠷᠠᠳ ᠲᠦᠮᠡᠨ ᠤ᠋ ᠤᠯᠠᠭᠠᠨ ᠴᠡᠷᠢᠭ ᠵᠢᠡᠨ ᠬᠠᠢᠷᠠᠯᠠᠬᠤ ᠴᠢᠩ ᠦᠨᠡᠨᠴᠢ ᠰᠡᠳᠬᠢᠯᠭᠡ ᠪᠤᠯᠤᠨ ᠤᠯᠠᠭᠠᠨ ᠴᠡᠷᠢᠭ ᠤ᠋ᠨ ᠡᠷᠡᠰ ᠬᠠᠳᠠᠨ ᠢᠳᠡᠭᠡᠯ ᠵᠤᠷᠢᠭ ᠨᠠᠮ᠎ᠠ ᠵᠢ ᠴᠠᠬ ᠢᠮᠠᠭᠳᠠ ᠵᠤᠷᠢᠭᠵᠢᠭᠤᠯᠵᠦ᠂ ᠲᠤᠭᠳᠤᠯᠤᠭᠤᠯᠵᠦ ᠪᠠᠢᠳᠠᠭ》 ᠬᠡᠵᠤ ᠬᠦᠧᠧ ᠱᠦᠢ ᠮᠢᠶᠤᠤ ᠦᠳᠡᠰᠢᠯᠡᠬᠡ ᠵᠢᠨ ᠲᠠᠷᠡᠭ᠎ᠠ ᠰᠤᠷᠪᠤᠯᠵᠢᠯᠠᠭ᠎ᠠ ᠬᠦᠯᠢᠶᠡᠬᠦ ᠳ᠋ᠡᠬᠡᠨ ᠶᠠᠷᠢᠨ᠎ᠠ ᠃ ᠦᠳᠡᠰᠢᠯᠡᠬᠡ ᠳ᠋ᠤ ᠵᠠᠯᠠᠭᠤ ᠳᠠᠭᠤᠴᠢᠨ ᠮᠤᠤ ᠢ ᠬᠠᠨ 《ᠨᠠᠨ ᠨᠢ ᠸᠠᠨ》 ᠪᠤᠯᠤᠨ 《ᠬᠦᠨ ᠵᠤᠵᠠᠭᠠᠨ ᠬᠠᠢᠷ᠎ᠠ ᠰᠡᠳᠬᠢᠯᠬᠡ》 ᠵᠢ ᠲᠠᠭᠤᠯᠠᠵᠤ ᠂ ᠮᠡᠷᠬᠡᠵᠢᠯ ᠤ᠋ᠨ ᠦᠨᠳᠦᠷ ᠲᠦᠪᠰᠢᠨ ᠢ᠋ ᠭᠠᠢᠬᠠᠭᠤᠯᠵᠠᠢ ᠃ ᠲᠡᠷᠡ ᠄ 《ᠪᠢ ᠠᠩᠬ᠎ᠠ ᠤᠳᠠᠭ᠎ᠠ ᠦᠪᠦᠷ ᠮᠤᠨᠭᠭᠤᠯ ᠳ᠋ᠤ ᠢᠷᠡᠵᠦ ᠪᠠᠢᠨ᠎ᠠ ᠃ ᠮᠢᠨᠤ ᠳᠠᠭᠤᠯᠠᠭᠰᠠᠨ ᠬᠤᠶᠠᠷ ᠳᠠᠭᠤᠤ ᠪᠤᠯ ᠪᠦᠷ ᠴᠡᠷᠢᠭ ᠠᠷᠠᠳ ᠤ᠋ᠨ ᠲᠤᠳᠤᠨᠤ ᠨᠦᠬᠦᠷᠯᠡᠯ ᠢ᠋ ᠢᠯᠡᠳᠬᠡᠭᠰᠡᠨ ᠰᠤᠩᠭᠤᠳᠠᠭ ᠪᠦᠳᠦᠭᠡᠯ ᠪᠤᠯᠬᠤ ᠶᠤᠮ》 ᠭᠡᠯ᠎ᠡ᠃

ᠲᠤᠮᠤ ᠬᠡᠯᠪᠡᠷᠢ ᠵᠢᠨ ᠲᠠᠭᠤᠤ ᠬᠦᠭᠵᠢᠮ ᠤ᠋ᠨ ᠲᠤᠤᠯᠢᠰ 《ᠲᠤᠷᠤᠨ᠎ᠠ ᠵᠦᠭ ᠲᠤᠶᠠᠭᠠᠷᠠᠯ᠎ᠠ》 ᠪᠤᠯ ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭ᠍ᠳᠠᠭ᠍ᠰᠠᠨ 15 ᠵᠢᠯ ᠤ᠋ᠨ ᠤᠢ ᠵᠢᠨ ᠲᠠᠱᠢᠷᠠᠮ ᠳ᠋ᠤ ᠶᠡᠷᠦᠩᠬᠡᠢ ᠰᠠᠢᠳ ᠵᠧᠦ ᠧᠨ ᠯᠠᠢ ᠵᠢᠨ ᠰᠠᠨᠠᠭᠠᠴᠢᠯᠠᠭ᠎ᠠ ᠪᠠᠷ 1964 ᠣᠨ ᠳ᠋ᠤ ᠵᠣᠬᠢᠶᠠᠨ ᠪᠦᠲᠦᠭᠡᠭ᠌ᠰᠡᠨ ᠪᠥᠭᠡᠳ ᠠᠩᠬ᠎ᠠ ᠲᠣᠭ᠍ᠯᠠᠭ᠍ᠰᠠᠨ ᠲᠤᠮᠤ ᠬᠡᠯᠪᠡᠷᠢ ᠵᠢᠨ ᠳᠠᠭᠤᠤ ᠬᠦᠭᠵᠢᠮ ᠤ᠋ᠨ ᠪᠦᠵᠢᠭᠳᠦ ᠲᠤᠤᠯᠢᠰ 《ᠲᠤᠷᠤᠨ᠎ᠠ ᠵᠦᠭ ᠲᠤᠶᠠᠭᠠᠷᠠᠯ᠎ᠠ》 ᠵᠢ ᠦᠭᠡᠷᠡᠴᠢᠯᠡᠨ ᠨᠠᠢᠷᠠᠭᠤᠯᠤᠭᠰᠠᠨ ᠪᠦᠳᠦᠭᠡᠯ ᠪᠤᠯᠤᠨ᠎ᠠ ᠃ ᠲᠤᠰ ᠤᠳᠠᠭ᠎ᠠ ᠵᠢᠨ ᠲᠣᠭ᠍ᠯᠠᠯᠲᠠ ᠳ᠋ᠤ ᠨᠠᠢᠷᠠᠯ ᠬᠥᠭ᠌ᠵᠢᠮ ᠂ ᠨᠠᠢᠷᠠᠯ ᠳᠠᠭᠤᠤ ᠂ ᠭᠣᠴᠣᠯᠠᠯ ᠳᠠᠭᠤᠤ ᠂ ᠬᠤᠤᠰᠯᠠᠯ ᠳᠠᠭᠤᠤ ᠂ ᠤᠷᠠᠨ ᠤᠩᠱᠢᠯᠭ᠎ᠠ ᠵᠡᠷᠭᠡ ᠡᠯᠪᠡᠭ ᠪᠠᠶᠠᠯᠢᠭ ᠠᠭᠤᠯᠭ᠎ᠠ ᠬᠡᠯᠪᠡᠷᠢ ᠨᠡᠮᠡᠵᠦ᠂ ᠡᠨᠡ ᠬᠦ᠌ ᠬᠤᠪᠢᠰᠬᠠᠯ ᠤ᠋ᠨ ᠲᠠᠭᠤᠤ ᠬᠦᠭᠵᠢᠮ ᠤ᠋ᠨ ᠲᠤᠤᠯᠢᠰ ᠢ᠋ ᠴᠣ ᠱᠢᠨ᠎ᠡ ᠳᠦᠷᠰᠦ ᠪᠠᠢᠳᠠᠯ ᠵᠢᠡᠷ ᠦᠵᠡᠭᠴᠢ ᠤᠯᠠᠨ ᠳ᠋ᠤ ᠲᠡᠪᠰᠢᠬᠦᠯᠵᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面