ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-06 11:03:13

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

8 ᠰᠠᠷ᠎ᠠ ᠶ᠋ᠢᠨ 5 ᠤ᠋ ᠤᠷᠤᠢ ᠂ ᠥᠪᠡᠷᠲᠡᠭᠡᠨ ᠵᠠᠰᠠᠬᠤ ᠣᠷᠣᠨ ᠤ᠋ ᠤᠳᠭ᠎ᠠ ᠤᠷᠠᠯᠢᠭ ᠤ᠋ᠨ ᠬᠢᠨ ᠤ᠋ ᠬᠣᠯᠪᠣᠭ᠎ᠠ ᠂ ᠬᠥᠬᠡᠬᠣᠲᠠ ᠶ᠋ᠢᠨ ᠨᠠᠮ ᠤ᠋ᠨ ᠬᠤᠷᠢᠶᠠᠨ ᠤ᠋ ᠤᠬᠠᠭᠤᠯᠬᠤ ᠬᠡᠯᠲᠡᠰ ᠡᠴᠡ ᠬᠠᠮᠲᠤᠷᠠᠨ ᠡᠷᠭᠢᠯᠡᠭᠰᠡᠨ《ᠳᠤᠮᠳᠠᠳᠤ ᠶ᠋ᠢᠨ ᠰᠢ ᠲᠠᠭᠤᠷᠢᠯᠢᠭ ᠤ᠋ᠨ ᠨᠠᠷᠠᠲᠤ ᠤᠷᠠᠯᠢᠭᠴᠢᠨ ᠤ᠋ ᠰᠤᠩᠭᠤᠳᠠᠭ ᠪᠠᠳᠠᠭ ᠤ᠋ᠨ ᠲᠣᠭ᠍ᠯᠠᠯᠲᠠ》ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠳ᠋ᠤ ᠢᠳᠡ ᠬᠦᠭ ᠲᠠᠢ ᠶᠠᠪᠤᠭᠳᠠᠪᠠ ᠃ ᠡᠨᠡ ᠬᠦ᠌ ᠥᠨᠳᠥᠷ ᠪᠠᠷᠢᠮᠵᠢᠶ᠎ᠠ ᠥᠨᠳᠥᠷ ᠲᠦᠪᠱᠢᠨ ᠪᠦᠬᠦᠢ ᠰᠢ ᠲᠠᠭᠤᠷᠢᠯᠢᠭ ᠤ᠋ᠨ ᠦᠪᠡᠳᠡᠭ᠌ᠰᠢ ᠴᠤᠭᠯᠠᠭᠠᠨ ᠪᠤᠯ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠴᠢᠬᠤᠯᠠ ᠨᠢᠬᠡᠨ ᠲᠤᠭᠯᠠᠯᠳᠠ ᠪᠤᠯᠤᠨ᠎ᠠ ᠃

ᠲᠤᠭᠯᠠᠯᠳᠠ ᠳ᠋ᠤ ᠱᠸᠨ ᠢ ᠯᠢ ᠂ ᠸᠠᠩ ᠴᠤᠤ ᠂ ᠵᠠᠩ ᠹᠧᠩ ᠯᠢᠶᠠᠨ᠂ ᠸᠠᠩ ᠶᠠᠨ ᠂ ᠴᠧᠨ ᠶᠤᠧᠠᠨ ᠵᠡᠷᠭᠡ《ᠲᠠᠷᠢᠬᠦᠯᠡᠭᠴᠢ ᠴᠡᠴᠡᠭᠳᠤ ᠱᠠᠩᠨᠠᠯ》ᠬᠦᠷᠳᠡᠭᠰᠡᠨ ᠨᠠᠷᠡᠳᠤ ᠤᠷᠠᠯᠢᠭᠴᠢᠨ ᠨᠠᠷ《ᠮᠠᠨᠳᠠᠷᠠᠸ᠎ᠠ ᠲᠢᠩᠰᠡ 》᠂《ᠡᠪᠡᠳᠴᠢᠨ ᠢ᠋ ᠠᠰᠠᠭᠤᠵᠤ ᠨᠤᠶᠠᠨ ᠢ᠋ ᠰᠢᠬᠠᠮᠳᠠᠭᠤᠯᠤᠭᠰᠠᠨ ᠨᠢ 》᠂《ᠴᠡᠯᠡᠭᠡᠷ ᠳᠠᠯ᠎ᠠ ᠵᠢᠨ ᠦᠬᠢᠨ》 ᠂《ᠡᠷᠬᠢᠮ ᠬᠠᠳᠤᠨ ᠰᠠᠷᠬᠤᠳ ᠵᠤᠭᠤᠭᠯᠠᠭᠰᠠᠨ ᠨᠢ》 ᠂《ᠵᠢᠶᠠᠩ ᠡᠭᠡᠴᠢ》ᠵᠡᠷᠭᠡ ᠵᠢᠨ ᠰᠤᠩᠭᠤᠮᠠᠯ ᠪᠠᠳᠠᠭ ᠢ᠋ ᠳᠠᠭᠤᠯᠠᠨ ᠲᠤᠭᠯᠠᠵᠤ ᠂ ᠦᠳᠡᠰᠢᠯᠡᠬᠡ ᠳ᠋ᠤ ᠺᠦᠨᠱᠠᠨ ᠵᠦᠴᠦᠭᠡ ᠂ ᠰᠸᠴᠤᠸᠠᠨ ᠵᠦᠴᠦᠭᠡ ᠂ ᠪᠡᠭᠡᠵᠢᠩ ᠵᠦᠴᠦᠭᠡ ᠂ ᠱᠠᠨᠳᠦ᠋ᠩ ᠤ᠋ᠨ ᠯᠢᠦᠽᠢ ᠵᠦᠴᠦᠭᠡ ᠂ ᠱᠠᠨ ᠰᠢ ᠵᠦᠴᠦᠭᠡ ᠂ ᠡᠯ ᠷᠧᠨ ᠲᠡᠶ ᠵᠦᠴᠦᠭᠡ ᠵᠡᠷᠭᠡ ᠵᠢ ᠬᠠᠮᠤᠷᠤᠭᠰᠠᠨ ᠪᠠᠢᠨ᠎ᠠ ᠃

ᠥᠪᠡᠷᠲᠡᠭᠡᠨ ᠵᠠᠰᠠᠬᠤ ᠣᠷᠣᠨ ᠤ᠋ ᠤᠳᠭ᠎ᠠ ᠤᠷᠠᠯᠢᠭ ᠤ᠋ᠨ ᠬᠢᠨ ᠤ᠋ ᠬᠣᠯᠪᠣᠭ᠎ᠠ ᠵᠢᠨ ᠳᠡᠳ᠋ ᠲᠡᠷᠢᠭᠦᠯᠡᠭ᠌ᠴᠢ ᠦ᠋ ᠯᠢ ᠫᠢᠩ ᠲᠤᠰ ᠦᠳᠡᠰᠢᠯᠡᠬᠡ ᠵᠢᠨ ᠶᠡᠷᠦᠩᠬᠡᠶ ᠤᠳᠤᠷᠢᠳᠤᠭᠠᠴᠢ ᠵᠢᠨ ᠠᠵᠢᠯ ᠢ᠋ ᠬᠠᠷᠢᠭᠤᠴᠠᠵᠠᠢ ᠃《ᠲᠣᠭ᠍ᠯᠠᠯᠲᠠ ᠳ᠋ᠤ ᠭᠤᠷᠪᠠᠨ ᠶᠡᠬᠡ ᠬᠢᠯᠠᠰ ᠴᠡᠭ ᠲᠡᠶ ᠃ ᠲᠠᠷᠤᠢ ᠂ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠢ᠋ ᠡᠷᠬᠢᠯᠡᠨ ᠶᠠᠪᠤᠭᠳᠠᠭᠤᠯᠤᠭᠰᠠᠨ ᠡᠴᠡ ᠨᠠᠭᠠᠰᠢ〈ᠲᠠᠷᠢᠬᠦᠯᠡᠭᠴᠢ ᠴᠡᠴᠡᠭᠳᠤ ᠱᠠᠩᠨᠠᠯ〉ᠭᠥᠷᠳᠡᠭ᠌ᠰᠡᠳ ᠢ᠋ ᠬᠠᠮᠤᠭ ᠤ᠋ᠨ ᠣᠯᠠᠨ ᠤᠷᠢᠵᠦ ᠲᠤᠭᠯᠠᠭᠤᠯᠤᠭᠰᠠᠨ ᠂ ᠲᠣᠭ᠍ᠯᠠᠯᠲᠠ ᠵᠢᠨ ᠵᠦᠴᠦᠭᠡ ᠵᠢᠨ ᠲᠥᠷᠥᠯ ᠬᠠᠮᠤᠭ ᠤ᠋ᠨ ᠣᠯᠠᠨ ᠂ ᠳᠤᠮᠳᠠᠳᠤ ᠤᠯᠤᠰ ᠤ᠋ᠨ ᠰᠢ ᠳᠠᠭᠤᠷᠢᠯᠢᠭᠴᠢᠳ ᠤ᠋ᠨ ᠨᠡᠢᠭᠡᠮᠯᠢᠭ ᠤ᠋ᠨ ᠲᠡᠷᠢᠭᠦᠯᠡᠭ᠌ᠴᠢᠳ ᠤ᠋ᠨ ᠪᠦᠯᠬᠦᠮ ᠤ᠋ᠨ ᠭᠡᠱᠢᠭᠦᠳ ᠢ᠋ ᠬᠠᠮᠤᠭ ᠤ᠋ᠨ ᠣᠯᠠᠨ ᠤᠷᠢᠵᠤ ᠣᠷᠣᠯᠴᠠᠭᠤᠯᠤᠭ᠍ᠰᠠᠨ ᠨᠢᠭᠡᠨ ᠤᠳᠠᠭ᠎ᠠ ᠵᠢᠨ ᠲᠤᠭᠯᠠᠯᠳᠠ ᠪᠣᠯᠤᠨ᠎ᠠ》ᠬᠡᠵᠤ ᠦ᠋ ᠯᠢ ᠫᠢᠩ ᠶᠠᠷᠢᠯ᠎ᠠ ᠃ ᠲᠡᠷᠡ ᠪᠠᠰᠠ ᠦᠳᠡᠰᠢᠯᠡᠬᠡ ᠪᠡᠷ ᠳᠠᠮᠵᠢᠨ ᠦᠵᠡᠭᠴᠢ ᠤᠯᠠᠨ ᠳ᠋ᠤ ᠲᠤᠮᠳᠠᠳᠦ ᠵᠢᠨ ᠰᠤᠶᠤᠯ ᠤ᠋ᠨ ᠦᠷᠭᠡᠨ ᠳᠡᠯᠭᠡᠷ ᠬᠦᠨ ᠬᠦᠨᠵᠡᠬᠡᠢ ᠪᠠᠢᠳᠠᠭ ᠢ᠋ ᠤᠢᠯᠠᠭᠠᠭᠤᠯᠬᠤ ᠵᠢᠨ ᠬᠠᠮᠳᠤ ᠪᠦᠬᠦ ᠤᠯᠤᠰ ᠤ᠋ᠨ ᠠᠷᠠᠳ ᠲᠦᠮᠡᠨ ᠳ᠋ᠤ ᠦᠵᠡᠰᠬᠦᠯᠡᠩᠳᠦ ᠰᠠᠢᠬᠠᠨ ᠦᠪᠤᠷ ᠮᠤᠩᠭᠤᠯ ᠤ᠋ᠨ ᠲᠠᠯ᠎ᠠ ᠨᠤᠲᠤᠭ ᠵᠢᠡᠨ ᠳᠠᠨᠢᠭᠤᠯᠬᠤ ᠵᠢ ᠵᠤᠷᠢᠭᠰᠠᠨ ᠵᠢᠡᠨ ᠳᠤᠳᠤᠷᠠᠭᠤᠯᠪᠠ ᠃

《ᠨᠠᠳᠠ ᠵᠢ ᠶᠤᠰᠤᠳᠠᠢ ᠬᠠᠯᠠᠭᠤᠮᠰᠤᠭ ᠵᠢᠡᠷ ᠤᠭᠳᠤᠵᠤ ᠠᠪᠤᠭᠰᠠᠨ ᠂ ᠦᠪᠤᠷ ᠮᠤᠩᠭᠤᠯ ᠤ᠋ᠨ ᠬᠦᠮᠦᠰ ᠦᠨᠡᠬᠡᠷ ᠵᠤᠴᠢᠨᠰᠠᠭ》ᠬᠡᠵᠤ ᠤᠯᠤᠰ ᠤ᠋ᠨ ᠨᠢᠭᠡᠳᠦᠭᠡᠷ ᠳᠡᠰ ᠤ᠋ᠨ ᠲᠤᠭᠯᠠᠭᠴᠢ ᠂ ᠱᠠᠨᠳᠦ᠋ᠩ ᠤ᠋ᠨ ᠯᠢᠥᠽᠢ ᠵᠦᠴᠦᠭᠡ ᠵᠢᠨ ᠲᠤᠭᠯᠠᠭᠴᠢ ᠴᠧᠨ ᠶᠤᠧᠠᠨ ᠲᠤᠭᠳᠤᠯᠤᠭᠰᠠᠨ ᠰᠡᠳᠬᠢᠯᠬᠡ ᠪᠠᠨ ᠳᠠᠷᠤᠵᠦ ᠶᠠᠳᠠᠨ ᠶᠠᠷᠢᠨ᠎ᠠ ᠃ ᠲᠡᠷᠡ ᠄《ᠪᠢ ᠠᠩᠬ᠎ᠠ ᠤᠳᠠᠭ᠎ᠠ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠤᠷᠤᠯᠴᠠᠵᠦ ᠪᠠᠢᠨ᠎ᠠ ᠃ ᠦᠪᠦᠷ ᠮᠤᠨᠭᠭᠤᠯ ᠰᠤᠶᠤᠯ ᠤᠷᠠᠯᠢᠭ ᠂ ᠢᠯᠠᠩᠭᠤᠶ᠎ᠠ ᠰᠢ ᠳᠠᠭᠤᠷᠢᠯᠢᠭ ᠢ᠋ ᠮᠠᠰᠢ ᠬᠦᠨᠳᠦᠳᠬᠡᠵᠦ ᠪᠠᠢᠭ᠎ᠠ ᠨᠢ ᠢᠯᠡᠬᠡᠨ ᠃ ᠦᠳᠡᠰᠢᠯᠡᠬᠡ ᠲᠠᠬᠡᠷ᠎ᠠ〈ᠵᠢᠶᠠᠩ ᠡᠭᠡᠴᠢ〉ᠵᠢ ᠲᠠᠭᠤᠯᠠᠯ᠎ᠠ ᠂ ᠪᠢ ᠪᠤᠯ ᠨᠠᠮ ᠤ᠋ᠨ ᠬᠡᠰᠢᠬᠦᠨ ᠂〈ᠵᠢᠶᠠᠩ ᠡᠭᠡᠴᠢ〉ᠵᠢᠨ ᠵᠤᠷᠢᠭ ᠰᠠᠨᠠᠭ᠎ᠠ ᠪᠡᠷ ᠦᠪᠡᠷ ᠤ᠋ᠨ ᠲᠤᠬᠠᠢᠯᠠᠭᠰᠠᠨ ᠠᠵᠢᠯ ᠲᠦᠷᠦᠯ ᠵᠢᠡᠨ ᠡᠷᠬᠢᠮᠨᠡᠨ ᠂ ᠵᠢᠳᠬᠦᠭᠰᠡᠨ ᠦᠢᠯᠡᠰ ᠲᠡᠭᠡᠨ ᠵᠤᠷᠢᠭ ᠬᠠᠷᠢᠯ ᠦᠬᠡᠢ ᠴᠢᠷᠮᠠᠢᠵᠦ ᠢᠷᠡᠭᠰᠡᠨ ᠶᠤᠮ》ᠭᠡᠵᠤ ᠰᠢ ᠵᠦᠴᠦᠭᠡ ᠵᠢᠨ ᠦᠨᠳᠦᠰᠦᠨ ᠡᠷᠳᠡᠮ ᠂ ᠵᠢᠭᠠᠨ ᠰᠤᠷᠭᠠᠯᠳᠠ ᠂ ᠦᠪᠡᠷ ᠤ᠋ᠨ ᠰᠢ ᠵᠦᠴᠦᠭᠡ ᠰᠤᠷᠴᠤ ᠤᠷᠠᠯᠢᠭ ᠤ᠋ᠨ ᠵᠠᠮ ᠵᠢᠡᠷ ᠵᠠᠮᠨᠠᠭᠰᠠᠨ ᠦᠩᠭᠡᠷᠡᠯᠳᠡ ᠪᠠᠨ ᠶᠠᠷᠢᠵᠦ ᠪᠢᠯᠡ ᠃

ᠦᠳᠡᠰᠢᠯᠡᠬᠡ ᠨᠢ ᠦᠵᠡᠭᠴᠢ ᠤᠯᠠᠨ ᠤ᠋ ᠤᠤᠬᠠᠢᠯᠠᠯ ᠪᠠ ᠠᠯᠠᠭ᠎ᠠ ᠳᠠᠰᠢᠯᠳᠠ ᠵᠢᠨ ᠲᠤᠮᠳᠠ ᠬᠦᠷ ᠬᠦᠭᠵᠢᠶᠡᠨᠳᠡᠢ ᠶᠠᠪᠤᠭᠳᠠᠵᠦ ᠂ ᠤᠯᠤᠰ ᠤ᠋ᠨ ᠲᠡᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠦᠷᠦᠯ ᠵᠦᠢᠯ ᠤ᠋ᠨ ᠡᠾᠧᠨᠠᠨ ᠵᠦᠴᠦᠭᠡ ᠵᠢᠨ ᠦᠪᠯᠡᠨ ᠤᠯᠠᠮᠵᠢᠯᠠᠭᠴᠢ ᠂ ᠳᠤᠮᠳᠠᠳᠤ ᠤᠯᠤᠰ ᠤ᠋ᠨ ᠰᠢ ᠳᠠᠭᠤᠷᠢᠯᠢᠭᠴᠢᠳ ᠤ᠋ᠨ ᠨᠡᠢᠭᠡᠮᠯᠢᠭ ᠤ᠋ᠨ ᠳᠡᠳ᠋ ᠲᠡᠷᠢᠭᠦᠯᠡᠭ᠌ᠴᠢ ᠯᠢ ᠱᠦ᠍ ᠵᠢᠶᠠᠨ ᠤ᠋《ᠬᠠᠭᠠᠨ ᠰᠠᠭᠤᠳᠠᠯ ᠳ᠋ᠤ ᠭᠠᠷᠤᠭᠰᠠᠨ ᠨᠢ》(ᠰᠤᠩᠭᠤᠮᠠᠯ ᠪᠠᠳᠠᠭ)ᠬᠡᠬᠦ ᠲᠤᠭᠯᠠᠯᠳᠠ ᠪᠡᠷ ᠦᠨᠳᠤᠷᠯᠡᠪᠡ ᠃ 《ᠪᠢ ᠥᠪᠥᠷ ᠮᠣᠩᠭᠣᠯ ᠳ᠋ᠤ ᠢᠷᠡᠬᠦ ᠪᠤᠯᠭᠠᠨ ᠮᠠᠰᠢ ᠶᠡᠬᠡ ᠬᠤᠪᠢᠷᠠᠯᠲᠠ ᠭᠠᠷᠴᠦ ᠂ ᠬᠣᠲᠠ ᠵᠢᠨ ᠪᠦᠲᠦᠭᠡᠨ ᠪᠠᠢᠭᠤᠯᠤᠯᠲᠠ ᠂ ᠰᠣᠶᠣᠯ ᠤ᠋ᠨ ᠠᠭᠤᠷ ᠠᠮᠢᠰᠭᠤᠯ ᠂ ᠪᠣᠯᠪᠠᠰᠤᠨ ᠤ᠋ ᠬᠡᠮᠵᠢᠶ᠎ᠡ ᠵᠡᠷᠭᠡ ᠲᠠᠯ᠎ᠠ ᠪᠡᠷ ᠬᠢ ᠬᠦᠭᠵᠢᠯᠳᠡ ᠳᠠᠪᠰᠢᠯᠳᠠ ᠮᠠᠰᠢ ᠢᠯᠡᠷᠬᠡᠢ ᠪᠠᠢᠨ᠎ᠠ ᠃ ᠡᠨᠡ ᠤᠳᠠᠭ᠎ᠠ ᠵᠢᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠪᠤᠯ ᠣᠯᠳᠠᠬᠤᠶ᠎ᠠ ᠪᠡᠷᠬᠡ ᠰᠣᠶᠣᠯ ᠤᠷᠠᠯᠢᠭ ᠤ᠋ᠨ ᠰᠣᠯᠢᠯᠴᠠᠭᠠᠨ ᠤ᠋ ᠲᠣᠬᠢᠶᠠᠯ ᠮᠥᠨ ᠂ ᠪᠢ ᠳᠤᠮᠳᠠᠳᠤ ᠣᠷᠣᠨ ᠤ᠋ ᠰᠣᠶᠣᠯ ᠢ᠋ ᠥᠪᠥᠷ ᠮᠣᠩᠭᠣᠯ ᠤ᠋ᠨ ᠠᠷᠠᠳ ᠲᠦᠮᠡᠨ ᠳ᠋ᠤ ᠳᠠᠨᠢᠭᠤᠯᠬᠤ ᠵᠢᠨ ᠬᠠᠮᠲᠤ ᠥᠪᠥᠷ ᠮᠣᠩᠭᠣᠯ ᠤ᠋ᠨ ᠰᠣᠶᠣᠯ ᠢ᠋ ᠾᠧᠨᠠᠨ ᠳ᠋ᠤ ᠲᠦᠬᠡᠬᠡᠨ ᠳᠡᠯᠬᠡᠷᠡᠬᠦᠯᠬᠦ᠎ᠵᠢ ᠬᠦᠰᠡᠵᠦ᠍ ᠪᠠᠢᠨ᠎ᠠ ᠃ ᠪᠢᠳᠡ ᠬᠠᠷᠢᠯᠴᠠᠨ ᠰᠤᠷᠤᠯᠴᠠᠵᠤ ᠬᠠᠮᠲᠤ ᠪᠠᠷ ᠳᠠᠪᠱᠢᠵᠤ ᠂ ᠤᠷᠠᠯᠢᠭ ᠤ᠋ᠨ ᠬᠡᠯᠪᠡᠷᠢ ᠪᠡᠷ ᠳᠤᠮᠳᠠᠳᠤ ᠤᠯᠤᠰ ᠤ᠋ᠨ ᠥᠯᠢᠭᠡᠷ ᠢ᠋ ᠰᠠᠢᠬᠠᠨ ᠶᠠᠷᠢᠵᠤ ᠂ ᠳᠤᠮᠳᠠᠳᠤ ᠵᠢᠨ ᠱᠢᠯᠢᠳᠡᠭ ᠤᠯᠠᠮᠵᠢᠯᠠᠯᠲᠤ ᠰᠣᠶᠣᠯ ᠢ᠋ ᠬᠠᠮᠲᠤ ᠪᠠᠷ ᠰᠠᠢᠲᠤᠷ ᠤᠯᠠᠮᠵᠢᠯᠠᠵᠤ ᠰᠠᠢᠲᠤᠷ ᠪᠠᠳᠠᠷᠠᠭᠤᠯᠤᠶ᠎ᠠ》ᠭᠡᠵᠤ ᠯᠢ ᠱᠦ᠍ ᠵᠢᠶᠠᠨ ᠤᠷᠮᠠᠳᠠᠢ ᠶᠠᠷᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面