2022-08-07 11:45:59
8 ᠰᠠᠷ᠎ᠠ ᠢ᠋ᠢᠨ 6 ᠤ᠋ ᠡᠳᠤᠷ᠂ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠨᠢᠬᠡᠨ ᠴᠢᠬᠤᠯᠠ ᠠᠭᠤᠯᠭ᠎ᠠ ᠪᠤᠯᠤᠭᠰᠠᠨ 《ᠤᠮᠠᠷᠠᠲᠤ ᠬᠢᠯᠢ ᠢ᠋ᠢᠨ ᠮᠠᠭᠳᠠᠭᠠᠯ》 ᠪᠥᠬᠥ᠌ ᠣᠷᠣᠨ ᠤ᠋ ᠳᠥᠷᠪᠡᠳᠦᠭᠡᠷ ᠬᠤᠭᠤᠴᠠᠭᠠᠨ ᠤ᠋ ᠣᠯᠠᠨ ᠲᠦᠮᠡᠨ ᠤ᠋ ᠨᠠᠢᠷᠠᠯ ᠳᠠᠭᠤᠤ ᠢ᠋ᠢᠨ ᠦᠵᠡᠭᠦᠯᠭᠡ ᠢ᠋ᠢᠨ ᠲᠤᠭᠯᠠᠯᠳᠡ ᠥᠪᠥᠷ ᠮᠣᠩᠭᠣᠯ ᠤ᠋ᠨ ᠪᠡᠶ᠎ᠡ ᠢ᠋ᠢᠨ ᠲᠠᠮᠢᠷ ᠤ᠋ᠨ ᠣᠷᠳᠣᠨ ᠳ᠋ᠤ ᠡᠬᠢᠯᠡᠵᠤ᠂ ᠪᠥᠬᠥ᠌ ᠣᠷᠣᠨ ᠤ᠋ ᠡᠯ᠎ᠡ ᠠᠢᠮᠠᠭ ᠬᠣᠲᠠ ᠵᠢᠨ ᠱᠢᠯᠢᠳᠡᠭ ᠨᠠᠢᠷᠠᠯ ᠳᠠᠭᠤᠤ ᠢ᠋ᠢᠨ ᠪᠦᠯᠬᠦᠮ ᠤ᠋ᠨ ᠬᠢᠨ ᠢᠷᠠᠭᠤ ᠰᠤᠨᠤᠰᠬᠤᠯᠠᠨᠭᠳᠤ ᠠᠶ᠎ᠠ ᠲᠠᠭᠤᠤ ᠪᠡᠷ ᠢ᠋ᠢᠡᠨ ᠦᠵᠡᠭᠴᠢ ᠤᠯᠠᠨ ᠢ᠋ ᠪᠠᠶᠠᠰᠬᠠᠯ᠎ᠠ ᠃
ᠦᠵᠡᠬᠦᠯᠬᠡ ᠵᠢᠨ ᠲᠤᠭᠯᠠᠯᠳᠡ ᠨᠢ ᠠᠯᠠᠱᠠ ᠠᠢᠮᠠᠭ ᠤ᠋ᠨ 《ᠠᠶᠠᠨᠴᠢᠨ》 ᠨᠠᠢᠷᠠᠯ ᠲᠠᠭᠤᠤ ᠢ᠋ᠢᠨ ᠪᠦᠯᠬᠦᠮ ᠤ᠋ᠨ 《ᠪᠦᠮᠪᠤᠷ ᠴᠤᠬᠢᠵᠤ ᠲᠠᠭᠤᠤ ᠪᠡᠨ ᠲᠠᠭᠤᠯᠠᠨ᠎ᠠ》 ᠬᠡᠬᠦ ᠨᠠᠢᠷᠠᠯ ᠲᠠᠭᠤᠤ ᠪᠡᠷ ᠬᠦᠱᠢᠬᠡ ᠪᠡᠨ ᠰᠡᠬᠦᠪᠠ᠃ ᠲᠤᠭᠯᠠᠯᠳᠠ ᠳ᠋ᠤ ᠬᠠᠮᠢᠶ᠎ᠠ ᠪᠦᠬᠦᠢ ᠠᠢᠮᠠᠭ ᠬᠤᠳᠠ ᠵᠢᠨ ᠨᠠᠢᠷᠠᠯ ᠲᠠᠭᠤᠤ ᠵᠢᠨ ᠪᠦᠯᠬᠦᠮ ᠡᠴᠡ 《ᠡᠪ ᠬᠠᠮᠳᠤ ᠨᠠᠮ ᠪᠠᠢᠬᠤ ᠦᠬᠡᠢ ᠪᠤᠯ ᠰᠢᠨ᠎ᠠ ᠲᠤᠮᠳᠠᠳᠤ ᠤᠯᠤᠰ ᠪᠠᠢᠬᠤ ᠦᠬᠡᠢ》 ᠂ 《ᠡᠬᠡ ᠤᠯᠤᠰ ᠢ᠋ᠢᠡᠨ ᠮᠠᠭᠳᠠᠨ ᠲᠠᠭᠤᠯᠠᠶ᠎ᠠ》 ᠂ 《ᠬᠠᠳᠤᠨ ᠭᠤᠤᠯ ᠢ᠋ᠢᠡᠨ ᠬᠠᠮᠠᠭᠠᠯᠠᠶ᠎ᠠ》 ᠂ 《ᠮᠠᠭᠳᠠᠭᠠᠯ ᠲᠠᠭᠤᠤ》 ᠵᠡᠷᠭᠡ ᠨᠠᠢᠷᠠᠯ ᠲᠠᠭᠤᠤ ᠵᠢ ᠦᠵᠡᠭᠴᠢᠳ ᠲᠦ᠍ ᠤᠷᠠᠯᠢᠭ ᠤ᠋ᠨ ᠬᠦᠷᠳᠡᠬᠡᠯ ᠪᠤᠯᠭᠠᠨ ᠲᠡᠪᠰᠢᠬᠦᠯᠦᠭᠰᠡᠨ ᠪᠠᠢᠨ᠎ᠠ᠃ ᠡᠯ᠎ᠠ ᠨᠠᠢᠷᠠᠯ ᠲᠠᠭᠤᠤ ᠢ᠋ᠢᠨ ᠪᠦᠯᠬᠦᠮ ᠤ᠋ᠨ ᠬᠢᠨ ᠢᠷᠠᠭᠤ ᠰᠠᠢᠬᠠᠨ ᠬᠠᠨᠭᠬᠢᠨᠠᠮᠠ ᠬᠤᠭᠤᠯᠠᠢ᠂ ᠬᠦᠨ ᠵᠤᠵᠠᠭᠠᠨ ᠬᠠᠢᠷ᠎ᠠ ᠰᠡᠳᠬᠢᠯᠬᠡ ᠪᠡᠷ ᠨᠠᠮ ᠪᠠ ᠡᠬᠡ ᠤᠯᠤᠰ ᠲᠠᠭᠠᠨ ᠡᠷᠬᠦᠬᠦ ᠬᠢᠵᠠᠭᠠᠯᠠᠰᠢ ᠦᠬᠡᠢ ᠬᠠᠢᠷ᠎ᠠ ᠰᠡᠳᠬᠢᠯᠬᠡ ᠪᠡᠨ ᠢᠯᠡᠳᠭᠡᠵᠤ ᠂ ᠪᠦᠬᠦ ᠤᠷᠤᠨ ᠤ᠋ ᠦᠨᠳᠦᠰᠦᠳᠡᠨ ᠨᠦᠬᠦᠳ ᠤ᠋ᠨ ᠠᠷᠠᠳ ᠲᠦᠮᠡᠨ ᠤ᠋ ᠴᠤ ᠰᠢᠨ᠎ᠠ ᠤᠶᠤᠨ ᠰᠠᠨᠠᠭᠠᠨ ᠤ᠋ ᠲᠦᠷᠰᠦ ᠪᠠᠢᠳᠠᠯ ᠢ᠋ ᠬᠠᠷᠠᠭᠤᠯᠵᠠᠢ᠃
ᠨᠠᠢᠷᠠᠯ ᠲᠠᠭᠤᠤ ᠢ᠋ᠢᠨ ᠪᠦᠯᠬᠦᠮ ᠢ᠋ᠢᠡᠨ ᠲᠠᠭᠠᠭᠤᠯᠵᠤ ᠢᠷᠡᠭᠰᠡᠨ ᠤᠯᠠᠭᠠᠨᠬᠠᠳᠠ ᠬᠤᠳᠠ ᠢ᠋ᠢᠨ ᠶᠤᠸᠠᠨ ᠪᠤᠤ ᠱᠠᠨ ᠲᠤᠭᠤᠷᠢᠭ ᠤ᠋ᠨ ᠰᠤᠶᠤᠯ ᠵᠢᠭᠤᠯᠴᠢᠯᠡᠯ ᠪᠡᠶ᠎ᠠ ᠢ᠋ᠢᠨ ᠲᠠᠮᠢᠷ ᠤ᠋ᠨ ᠲᠤᠪᠴᠢᠶ᠎ᠠ ᠢ᠋ᠢᠨ ᠪᠠᠢ ᠷᠦᠨᠭ ᠴᠦᠨ ᠰᠤᠷᠪᠤᠯᠵᠢᠯᠠᠭ᠎ᠠ ᠬᠦᠯᠢᠶᠡᠬᠦ ᠳ᠋ᠡᠬᠡᠨ᠄《ᠲᠤᠰ ᠤᠳᠠᠭ᠎ᠠ ᠵᠢᠨ ᠲᠤᠭᠯᠠᠯᠳᠡ ᠨᠢ ᠪᠢᠳᠡᠨ ᠳ᠋ᠤ ᠪᠦᠬᠦ ᠤᠷᠤᠨ ᠤ᠋ ᠡᠯ᠎ᠠ ᠭᠠᠵᠠᠷ ᠤ᠋ᠨ ᠨᠠᠢᠷᠠᠯ ᠲᠠᠭᠤᠤ ᠢ᠋ᠢᠨ ᠪᠦᠯᠬᠦᠮ ᠲᠠᠢ ᠬᠠᠷᠢᠯᠴᠠᠨ ᠤᠢᠯᠠᠭᠠᠯᠴᠠᠵᠤ ᠬᠠᠷᠢᠯᠴᠠᠨ ᠰᠤᠷᠤᠯᠴᠠᠬᠤ ᠰᠠᠢᠨ ᠲᠤᠬᠢᠶᠠᠯ ᠤᠯᠭᠤᠯ᠎ᠠ᠂ ᠪᠢᠳᠡ ᠤᠷ᠎ᠠ ᠮᠡᠷᠭᠡᠵᠢᠯ ᠢ᠋ᠢᠡᠨ ᠦᠷᠬᠦᠯᠵᠢᠯᠡᠨ ᠲᠡᠭᠡᠭᠰᠢᠯᠡᠬᠦᠯᠵᠤ᠂ ᠤᠯᠠᠨ ᠲᠦᠮᠡᠨ ᠳ᠋ᠤ ᠨᠡᠨᠭ᠌ ᠤᠯᠠᠨ ᠰᠤᠳᠤᠨ ᠪᠦᠳᠦᠭᠡᠯ ᠢ᠋ᠢᠡᠨ ᠬᠦᠷᠭᠡᠬᠦ ᠪᠡᠷ ᠴᠢᠷᠮᠠᠢᠨ᠎ᠠ᠂ ᠰᠡᠬᠦᠯᠡᠷ ᠲᠠᠭᠤᠤ ᠬᠦᠭᠵᠢᠮ ᠳ᠋ᠤ ᠲᠤᠷ᠎ᠠ ᠪᠠᠬᠠᠳᠡᠢ ᠨᠡᠩ ᠤᠯᠠᠨ ᠬᠦᠮᠦᠨ ᠢ᠋ ᠪᠦᠯᠬᠦᠮ ᠳ᠋ᠡᠬᠡᠨ ᠤᠷᠤᠭᠤᠯᠵᠤ᠂ ᠰᠠᠢᠨ ᠰᠠᠢᠬᠠᠨ ᠠᠮᠢᠳᠤᠷᠠᠯ ᠢ᠋ᠢᠡᠨ ᠮᠠᠭᠳᠠᠨ ᠲᠠᠭᠤᠯᠠᠨ᠎ᠠ》 ᠬᠡᠵᠤ ᠤᠯᠤᠯᠳᠡ ᠲᠦᠷᠦᠭᠳᠡᠯ ᠵᠢᠡᠨ ᠬᠤᠪᠢᠶᠠᠯᠴᠡᠨᠠ ᠃
ᠲᠤᠰ ᠤᠳᠠᠭ᠎ᠠ ᠵᠢᠨ ᠠᠵᠢᠯᠯᠠᠭ᠎ᠠ ᠢ᠋ᠢ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠣᠷᠳᠣᠨ᠂ ᠥᠪᠡᠷᠲᠡᠭᠡᠨ ᠵᠠᠰᠠᠬᠤ ᠣᠷᠣᠨ ᠤ᠋ ᠳᠠᠭᠤᠤ ᠬᠥᠭ᠌ᠵᠢᠮᠴᠢᠳ ᠤ᠋ᠨ ᠨᠡᠢᠭᠡᠮᠯᠢᠭ᠂ ᠥᠪᠥᠷ ᠮᠣᠩᠭᠣᠯ ᠤ᠋ᠨ ᠨᠠᠢᠷᠠᠯ ᠳᠠᠭᠤᠤ ᠢ᠋ᠢᠨ ᠤᠷᠠᠯᠢᠭ ᠤ᠋ᠨ ᠨᠡᠢᠭᠡᠮᠯᠢᠭ ᠡᠴᠡ ᠭᠤᠤᠯᠯᠠᠨ ᠡᠷᠬᠢᠯᠡᠵᠤ᠂ 《ᠡᠬᠡ ᠤᠯᠤᠰ ᠵᠢᠡᠨ ᠬᠦᠴᠦᠷᠬᠡᠭ᠌ᠵᠢᠭᠦᠯᠤᠨ ᠮᠠᠨᠳᠤᠭᠤᠯᠬᠤ ᠳ᠋ᠤ ᠪᠢᠳᠡ ᠪᠠᠢᠨ᠎ᠠ》 ᠬᠡᠳᠡᠭ ᠢ᠋ᠢᠡᠷ ᠭᠤᠤᠯ ᠰᠡᠳᠦᠪ ᠪᠣᠯᠭᠠᠨ ᠂ ᠪᠦᠬᠦ᠌ ᠣᠷᠣᠨ ᠤ᠋ 8 ᠠᠢᠮᠠᠭ ᠬᠤᠳᠠ ᠢ᠋ᠢᠨ ᠨᠠᠢᠷᠠᠯ ᠲᠠᠭᠤᠤ ᠢ᠋ᠢᠨ ᠪᠦᠯᠬᠦᠮ ᠤ᠋ᠨ 300 ᠭᠠᠷᠤᠢ ᠬᠥᠮᠦᠨ ᠤᠷᠤᠯᠴᠠᠭᠰᠠᠨ ᠪᠠᠢᠨ᠎ᠠ᠃ ᠤᠢᠯᠠᠭᠠᠭᠰᠠᠨ ᠢ᠋ᠢᠡᠷ ᠂ 8 ᠰᠠᠷ᠎ᠠ ᠢ᠋ᠢᠨ 7 ᠤ᠋ ᠡᠳᠤᠷ ᠂ 《ᠤᠮᠠᠷᠠᠳᠤ ᠬᠢᠯᠢ ᠢ᠋ᠢᠨ ᠮᠠᠭᠳᠠᠭᠠᠯ》 ᠪᠥᠬᠥ᠌ ᠣᠷᠣᠨ ᠤ᠋ ᠣᠯᠠᠨ ᠲᠦᠮᠡᠨ ᠤ᠋ ᠨᠠᠢᠷᠠᠯ ᠳᠠᠭᠤᠤ ᠢ᠋ᠢᠨ ᠦᠵᠡᠬᠦᠯᠬᠡ ᠵᠢᠨ ᠲᠤᠭᠯᠠᠯᠳᠠ ᠦᠷᠬᠦᠯᠵᠢᠯᠡᠨ ᠶᠠᠪᠤᠭᠳᠠᠵᠤ ᠂ ᠬᠡᠦᠬᠡᠳ ᠤ᠋ᠨ ᠨᠠᠢᠷᠠᠯ ᠳᠠᠭᠤᠤ ᠂ ᠬᠣᠯᠢᠯᠴᠠᠭ᠎ᠠ ᠨᠠᠢᠷᠠᠯ ᠳᠠᠭᠤᠤ᠂ ᠬᠠᠪᠰᠤᠷᠤᠯ ᠬᠦᠭᠵᠢᠮ ᠦᠬᠡᠢ ᠨᠠᠢᠷᠠᠯ ᠲᠠᠭᠤᠤ ᠵᠡᠷᠭᠡ ᠭᠤᠴᠤ ᠲᠤᠭᠯᠠᠯᠳᠡ ᠢ᠋ᠢ ᠦᠵᠡᠭᠴᠢᠳ ᠲᠦ᠍ ᠬᠦᠷᠭᠡᠬᠦ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃