2022-08-07 11:50:07
《ᠪᠤᠰᠵᠠᠭᠠ! ᠪᠤᠭᠤᠯ ᠪᠤᠯᠬᠤ ᠲᠤᠷ᠎ᠠ ᠦᠬᠡᠢ ᠬᠦᠮᠦᠰ ᠡ! ᠴᠢᠰᠤ ᠮᠢᠬ᠎ᠠ ᠪᠡᠷ ᠵᠢᠡᠨ ᠪᠢᠳᠡ ᠰᠢᠨ᠎ᠡ ᠴᠠᠭᠠᠨ ᠬᠡᠷᠡᠮ ᠢ᠋ ᠪᠠᠢᠭᠤᠯᠤᠶ᠎ᠠ ᠁》 ᠲᠦᠭ ᠲᠦᠮᠡᠨ ᠲᠤᠮᠳᠠᠳᠦᠴᠤᠳ ᠲᠠᠷᠤᠩᠭᠤᠢᠯᠠᠯ ᠲᠤᠷᠤᠮᠵᠢᠯᠠᠯ ᠡᠴᠡ ᠮᠤᠯᠳᠤᠷᠠᠨ ᠡᠷᠬᠡ ᠴᠢᠯᠦᠭᠡᠳᠠᠢ ᠵᠤᠯ ᠵᠢᠷᠭᠠᠯᠳᠦ ᠰᠢᠨ᠎ᠠ ᠠᠮᠢᠳᠤᠷᠠᠯ ᠢ᠋ ᠡᠳ᠋ᠯᠡᠭᠰᠡᠨ ᠴᠦ᠍ ᠤᠭ ᠰᠠᠨᠠᠭ᠎ᠠ ᠪᠠᠨ ᠬᠡᠷᠬᠢᠨ ᠮᠠᠷᠳᠠᠵᠦ ᠪᠤᠯᠬᠤ ᠠᠵᠢ ᠃ 8 ᠰᠠᠷ᠎ᠠ ᠵᠢᠨ 6 ᠤ᠋ ᠡᠳᠦᠷ ᠂ ᠤᠯᠤᠰ ᠤ᠋ᠨ ᠰᠦᠯᠳᠠ ᠳᠠᠭᠤᠤ ᠵᠢᠨ ᠰᠦᠷ ᠵᠢᠪᠬᠤᠯᠠᠩᠳᠦ ᠠᠶᠠᠰ ᠲᠤᠮᠳᠠ《ᠤᠮᠠᠷᠠᠳᠦ ᠬᠢᠯᠢ ᠵᠢᠨ ᠮᠠᠭᠳᠠᠭᠠᠯ》 ᠪᠦᠬᠦ ᠤᠷᠤᠨ ᠤ᠋ ᠳᠦᠷᠪᠡᠳᠦᠭᠡᠷ ᠬᠤᠭᠤᠴᠠᠭᠠᠨ ᠤ᠋ ᠤᠯᠠᠨ ᠲᠦᠮᠡᠨ ᠤ᠋ ᠨᠠᠢᠷᠠᠯ ᠳᠠᠭᠤᠤ ᠵᠢᠨ ᠦᠵᠡᠬᠦᠯᠭᠡ ᠢ᠋ᠢᠨ ᠲᠤᠭᠯᠠᠯᠳᠠ ᠠᠭᠤᠯᠠ ᠵᠢᠨ ᠲᠤᠯᠤᠭᠠᠢ ᠦᠨᠳᠡᠯᠵᠡᠬᠦᠯᠦᠨ ᠤᠯᠤᠰ ᠲᠦᠮᠡᠨ ᠢ᠋ ᠲᠤᠭᠳᠤᠯᠵᠠᠭᠤᠯᠤᠨ ᠡᠬᠢᠯᠡᠪᠡ ᠃
ᠲᠤᠰ ᠦᠵᠡᠬᠦᠯᠬᠡ ᠵᠢᠨ ᠲᠤᠭᠯᠠᠯᠳᠠ ᠪᠤᠯ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠴᠢᠬᠤᠯᠠ ᠨᠢᠬᠡ ᠠᠵᠢᠯᠯᠠᠭ᠎ᠠ ᠪᠠᠢᠵᠤ᠂ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ 《ᠤᠷᠠᠯᠢᠭ ᠤ᠋ᠨ ᠦᠪᠡᠳᠡᠭᠰᠢ ᠴᠤᠭᠯᠠᠭᠠᠨ ᠠᠷᠠᠳ ᠲᠦᠮᠡᠨ ᠤ᠋ ᠨᠢᠵᠢᠬᠢᠷ ᠪᠠᠶᠠᠷ》 ᠤ᠋ᠨ ᠨᠠᠢᠷ ᠡᠷᠬᠢᠯᠡᠬᠦ ᠵᠤᠷᠢᠯᠳᠠ ᠨᠢ ᠡᠢᠨ ᠬᠦ᠌ ᠤᠯᠠᠨ ᠲᠦᠮᠡᠨ ᠤ᠋ ᠨᠠᠢᠷᠠᠯ ᠳᠠᠭᠤᠤ ᠵᠢᠨ ᠦᠵᠡᠬᠦᠯᠭᠡ ᠢ᠋ᠢᠨ ᠲᠤᠭᠯᠠᠯᠳᠠ ᠪᠡᠷ ᠤᠯᠠᠮ ᠢᠯᠡᠬᠦᠦ ᠦᠩᠬᠡ ᠲᠠᠢ ᠤᠳᠬ᠎ᠠ ᠲᠠᠢ ᠪᠡᠶᠡᠯᠡᠯ ᠵᠢᠡᠨ ᠤᠯᠵᠤ ᠪᠠᠢᠨ᠎ᠠ ᠃
《ᠪᠢ \\ ᠪᠦᠮᠪᠦᠷ ᠵᠢᠡᠨ ᠴᠤᠬᠢᠵᠦ ᠳᠠᠭᠤᠤ ᠪᠠᠨ ᠳᠠᠭᠤᠯᠠᠨ᠎ᠠ \\ ᠪᠢ \\ ᠮᠤᠷᠢ ᠪᠠᠨ ᠤᠨᠤᠵᠦ ᠠᠭᠤᠯᠠ ᠬᠦᠳᠦᠯ ᠢ᠋ ᠳᠠᠪᠠᠨ᠎ᠠ \\ ᠦᠵᠡᠰᠬᠦᠯᠡᠩᠳᠦ ᠠᠭᠤᠳᠠᠮ ᠳᠠᠯ᠎ᠠ ᠳ᠋ᠤ ᠦᠨᠢᠷ ᠰᠦᠷᠦᠭ ᠪᠡᠯᠴᠢᠨᠠ \\ ᠡᠯᠪᠡᠭ ᠬᠤᠷᠢᠶᠠᠯᠳᠠ ᠲᠠᠢ ᠲᠠᠷᠢᠶ᠎ᠠ ᠨᠢ ᠡᠷᠳᠡᠨᠢ ᠵᠢᠨ ᠦᠩᠭᠡ ᠪᠡᠷ ᠬᠢᠯᠠᠯᠵᠠᠨ᠎ᠠ ᠁》 ᠡᠩᠬᠡ ᠵᠢᠷᠭᠠᠯᠳᠦ ᠠᠮᠢᠳᠤᠷᠠᠯ ᠢ᠋ ᠡᠳ᠋ᠯᠡᠵᠦ ᠶᠠᠪᠤᠭ᠎ᠠ ᠠᠷᠠᠳ ᠤᠯᠠᠨ ᠤ᠋ ᠪᠠᠶᠠᠷ ᠪᠠᠶᠠᠰᠤᠯᠳᠦ ᠰᠡᠳᠬᠢᠯᠭᠡ ᠦᠬᠡ ᠪᠤᠯᠭᠠᠨ ᠡᠴᠡ ᠨᠢ ᠪᠢᠯᠬᠠᠭᠰᠠᠨ ᠰᠤᠩᠭᠤᠳᠠᠭ ᠪᠦᠳᠦᠬᠡᠯ ᠦᠪᠦᠷ ᠮᠤᠨᠭᠭᠤᠯ ᠤ᠋ᠨ ᠪᠡᠶ᠎ᠡ ᠵᠢᠨ ᠲᠠᠮᠢᠷ ᠤ᠋ᠨ ᠤᠷᠳᠤᠨ ᠳ᠋ᠤ ᠬᠠᠩᠬᠢᠨᠠᠨ ᠴᠤᠤᠷᠢᠶᠠᠳᠤᠵᠦ ᠂ ᠠᠯᠠᠱᠠ ᠠᠢᠮᠠᠭ ᠤ᠋ᠨ 《ᠠᠶᠠᠨᠴᠢᠨ》 ᠨᠠᠢᠷᠠᠯ ᠳᠠᠭᠤᠤ ᠵᠢᠨ ᠪᠦᠯᠬᠦᠮ ᠨᠠᠢᠷ ᠤ᠋ᠨ ᠰᠠᠯᠬᠢ ᠵᠢ ᠬᠠᠭᠠᠯᠤᠯ᠎ᠠ ᠃
ᠠᠮᠢᠳᠤᠷᠠᠯ ᠡᠴᠡ ᠦᠨᠳᠦᠰᠦᠯᠡᠵᠦ ᠠᠮᠢᠳᠤᠷᠠᠯ ᠢ᠋ ᠴᠢᠮᠡᠳᠡᠭ ᠤᠷᠠᠯᠢᠭ ᠠᠷᠠᠳ ᠲᠦᠮᠡᠨ ᠡᠴᠡ ᠦᠩ ᠰᠢᠮ᠎ᠡ ᠬᠦᠷᠳᠡᠵᠦ᠂ ᠠᠯᠤᠰ ᠢ᠋ ᠵᠤᠷᠢᠨ ᠳᠡᠪᠳᠡᠷᠢᠩᠬᠡᠨ ᠨᠢᠰᠳᠡᠭ ᠵᠢᠮ᠎ᠡ ᠲᠠᠢ᠃ ᠪᠦᠬᠦ ᠤᠷᠤᠨ ᠤ᠋ ᠡᠯ᠎ᠡ ᠠᠢᠮᠠᠬ ᠬᠤᠳᠠ ᠵᠢ ᠲᠦᠯᠦᠭᠡᠯᠡᠨ ᠤᠷᠤᠯᠴᠠᠭᠰᠠᠨ ᠨᠠᠢᠷᠠᠯ ᠳᠠᠭᠤᠤ ᠵᠢᠨ ᠪᠦᠯᠬᠦᠮ ᠤ᠋ᠳ ᠳᠠᠭᠤᠤ ᠤᠷᠠᠯᠢᠭ ᠵᠢᠡᠨ ᠭᠡᠵᠦ ᠠᠵᠢᠯ ᠤ᠋ᠨ ᠴᠢᠯᠦᠬᠡ ᠪᠡᠷ ᠵᠢᠡᠨ ᠳᠠᠭᠤᠯᠠᠵᠦ᠂ ᠲᠤᠭᠯᠠᠵᠦ᠂ ᠤᠷᠤᠯᠳᠤᠵᠦ ᠶᠠᠪᠤᠭ᠎ᠠ ᠡᠯ᠎ᠡ ᠠᠵᠢᠯ ᠲᠦᠷᠦᠯ ᠤ᠋ᠨ ᠮᠡᠷᠭᠡᠵᠢᠯ ᠤ᠋ᠨ ᠪᠤᠰᠤ ᠳᠠᠭᠤᠴᠢᠳ ᠶᠠᠭ ᠯᠡ ᠡᠬᠡ ᠳᠡᠯᠡᠬᠡᠢ ᠵᠢ ᠡᠩ ᠪᠦᠷᠬᠦᠨ ᠳᠡᠯᠭᠡᠷᠡᠭᠰᠡᠨ ᠦᠩᠬᠡ ᠵᠢᠨ ᠴᠡᠴᠡᠭᠡᠰ ᠮᠡᠳᠦ᠃ ᠰᠢᠯᠢ ᠵᠢᠨ ᠭᠤᠤᠯ ᠠᠢᠮᠠᠭ ᠤ᠋ᠨ 《ᠠᠰᠤᠷᠤ》 ᠨᠠᠢᠷᠠᠯ ᠳᠠᠭᠤᠤ ᠵᠢᠨ ᠪᠦᠯᠬᠦᠮ ᠪᠠᠢᠭᠤᠯᠤᠭᠳᠠᠭᠠᠳ ᠭᠤᠷᠪᠠᠨ ᠵᠢᠯ ᠪᠤᠯᠵᠦ ᠪᠠᠢᠭ᠎ᠠ ᠴᠦ᠍ ᠵᠤᠷᠢᠭᠰᠠᠨ ᠵᠤᠷᠢᠯᠳᠠ᠂ ᠬᠦᠰᠡᠭᠰᠡᠨ ᠬᠦᠰᠡᠯ ᠳ᠋ᠡᠬᠡᠨ ᠵᠤᠷᠢᠭ ᠬᠠᠷᠢᠯ ᠦᠬᠡᠢ ᠲᠡᠮᠡᠥᠯᠵᠦ ᠶᠠᠪᠤᠭ᠎ᠠ ᠠᠷᠠᠳ ᠤ᠋ᠨ ᠰᠠᠢᠨ ᠲᠤᠷ᠎ᠠ ᠵᠢᠨ ᠤᠷᠠᠯᠢᠭ ᠤ᠋ᠨ ᠪᠦᠯᠬᠦᠮ ᠪᠤᠯᠵᠤ᠂ ᠲᠤᠭᠯᠠᠯᠳᠠ ᠵᠢᠨ ᠳᠠᠯᠠᠪᠠᠢ᠂ ᠪᠡᠯᠡᠳᠬᠡᠯ ᠳᠦᠬᠦᠭᠡᠷᠦᠮᠵᠢ ᠠᠨᠠᠢ ᠴᠦ᠍ ᠠᠷᠠᠳ ᠤ᠋ᠨ ᠳᠠᠭᠤᠤ ᠪᠠ ᠠᠷᠠᠳ ᠲᠦᠮᠡᠨ ᠡᠴᠡ ᠪᠠᠨ ᠰᠢᠮ᠎ᠡ ᠠᠪᠴᠤ᠂ ᠨᠡᠩ ᠦᠨᠳᠦᠷ ᠲᠦᠪᠰᠢᠨ ᠳ᠋ᠤ ᠬᠦᠷᠬᠦ ᠤᠮᠤᠭ ᠵᠤᠷᠢᠭ ᠢ᠋ ᠡᠪᠦᠷᠯᠡᠨ᠂ ᠬᠠᠪᠰᠤᠷᠤᠯ ᠬᠦᠭᠵᠢᠮ ᠦᠬᠡᠢ ᠨᠠᠢᠷᠠᠯ ᠳᠠᠭᠤᠤ ᠵᠢ ᠭᠤᠤᠯᠳᠠᠢ ᠳᠠᠭᠤᠯᠠᠨ ᠦᠪᠡᠷ ᠤ᠋ᠨ ᠦᠩᠭᠡ ᠪᠡᠷ ᠵᠢᠡᠨ ᠬᠢᠯᠠᠯᠵᠠᠵᠦ ᠶᠠᠪᠤᠨ᠎ᠠ ᠃ ᠨᠡᠩᠴᠦ 《ᠮᠠᠭᠳᠠᠭᠠᠯ ᠳᠠᠭᠤᠤ》 ᠪᠠᠨ ᠬᠠᠩᠬᠢᠨᠠᠳᠠᠯ᠎ᠠ ᠳᠠᠭᠤᠯᠠᠵᠦ᠂ ᠦᠵᠡᠰᠬᠦᠯᠡᠩᠳᠦ ᠰᠠᠢᠬᠠᠨ ᠦᠪᠦᠷ ᠮᠤᠩᠭᠤᠯ ᠤ᠋ᠨ ᠬᠦᠪᠡᠬᠦᠳ ᠦᠬᠢᠳ ᠤ᠋ᠨ ᠡᠬᠡ ᠤᠯᠤᠰ ᠵᠢᠡᠨ ᠮᠠᠭᠳᠠᠨ ᠳᠠᠭᠤᠯᠠᠵᠦ᠂ ᠨᠠᠮ ᠤ᠋ᠨ ᠠᠴᠢ ᠳ᠋ᠤ ᠳᠠᠯᠠᠷᠬᠠᠭᠰᠠᠨ ᠤᠷᠬᠢᠯᠤᠮ᠎ᠠ ᠬᠠᠯᠠᠭᠤᠨ ᠰᠡᠳᠬᠢᠯᠭᠡᠵᠢ ᠬᠦᠮᠦᠰ ᠤ᠋ᠨ ᠴᠡᠭᠡᠵᠢᠨ ᠳ᠋ᠤ ᠬᠠᠳᠠᠩᠰᠢᠭᠤᠯᠵᠠᠢ ᠃
ᠨᠠᠢᠷᠠᠯ ᠳᠠᠭᠤᠤ ᠨᠢ ᠤᠯᠠᠨ ᠲᠦᠮᠡᠨ ᠤ᠋ ᠤᠷᠤᠯᠴᠠᠯᠭ᠎ᠠ ᠪᠡᠷ ᠦᠷᠭᠡᠨ᠂ ᠤᠯᠠᠨ ᠲᠦᠮᠡᠨ ᠤ᠋ ᠰᠤᠶᠤᠯ ᠤᠷᠠᠯᠢᠭ ᠢ᠋ ᠬᠠᠮᠤᠭ ᠡᠴᠡ ᠠᠮᠢᠳᠤᠯᠢᠭ ᠢᠯᠡᠷᠡᠬᠦᠯᠵᠦ ᠴᠢᠳᠠᠳᠠᠭ᠃ ᠬᠡᠪᠡᠴᠦ ᠨᠠᠢᠷᠠᠯ ᠳᠠᠭᠤᠤ ᠳᠠᠭᠤᠯᠠᠬᠤ ᠨᠢ ᠳᠠᠭᠤᠴᠢᠳ ᠬᠤᠭᠤᠷᠤᠨᠳᠦ ᠪᠠᠨ᠂ ᠳᠠᠭᠤᠴᠢᠨ ᠪᠤᠯᠤᠨ ᠤᠳᠤᠷᠢᠳᠤᠭᠠᠴᠢ ᠬᠤᠭᠤᠷᠤᠨᠳᠦ ᠪᠠᠨ ᠬᠠᠮᠳᠤᠷᠠᠯᠴᠠᠭ᠎ᠠ ᠪᠠᠨ ᠨᠢᠭᠳᠠ ᠪᠠᠢᠯᠭᠠᠵᠦ᠂ ᠪᠦᠬᠦ ᠬᠦᠮᠦᠰ ᠤ᠋ᠨ ᠪᠦᠯᠬᠦᠮᠳᠡᠯ ᠢ᠋ ᠱᠠᠭᠠᠷᠳᠠᠳᠠᠭ ᠶᠤᠮ ᠃ 《ᠨᠠᠢᠷᠠᠯ ᠳᠠᠭᠤᠤ ᠵᠢᠨ ᠪᠦᠯᠬᠦᠮ ᠨᠢ ᠪᠦᠯᠬᠦᠮᠳᠡᠨ ᠲᠡᠮᠡᠴᠡᠬᠦ᠂ ᠠᠭᠤᠴᠢᠯᠠᠨ ᠪᠠᠭᠳᠠᠭᠠᠬᠤ ᠵᠠᠩ ᠠᠷᠠᠨᠰᠢᠨ ᠢ᠋ ᠬᠦᠮᠦᠵᠢᠬᠦᠯᠵᠦ᠂ ᠪᠢᠳᠡᠨ ᠤ᠋ ᠤᠶᠤᠨ ᠤ᠋ ᠠᠮᠢᠳᠤᠷᠠᠯ ᠢ᠋ ᠪᠠᠶᠠᠯᠢᠭᠵᠢᠭᠤᠯᠤᠯᠠ》 ᠭᠡᠵᠦ ᠬᠦᠯᠦᠨ ᠪᠤᠢᠷ ᠬᠤᠳᠠ ᠵᠢᠨ 《ᠳᠠᠯ᠎ᠠ ᠵᠢᠨ ᠰᠠᠯᠬᠢ》 ᠨᠠᠢᠷᠠᠯ ᠳᠠᠭᠤᠤ ᠵᠢᠨ ᠪᠦᠯᠬᠦᠮ ᠤ᠋ᠨ ᠳᠠᠭᠤᠴᠢᠨ ᠰᠢᠨ ᠰᠢᠦ ᠯᠠᠨ ᠶᠠᠷᠢᠨ᠎ᠠ ᠃ ᠲᠡᠢᠮᠦ ᠡ᠂ ᠡᠨᠡ ᠪᠤᠯ ᠨᠠᠢᠷᠠᠯ ᠳᠠᠭᠤᠤ ᠵᠢᠨ ᠭᠠᠢᠬᠠᠮᠰᠢᠭ᠂ ᠡᠨᠡ ᠪᠤᠯ ᠤᠯᠠᠨ ᠲᠦᠮᠡᠨ ᠤ᠋ ᠰᠤᠶᠤᠯ ᠤᠷᠠᠯᠢᠭ ᠤ᠋ᠨ ᠠᠮᠢᠵᠢᠷᠠᠯ ᠤ᠋ᠨ ᠬᠦᠴᠦᠨ ᠪᠠᠢᠭ᠎ᠠ ᠶᠤᠮ ᠃
《ᠡᠯ᠎ᠡ ᠠᠢᠮᠠᠭ ᠬᠤᠳᠠ ᠵᠢᠨ ᠬᠢᠨ ᠤ᠋ ᠢᠳᠡᠪᠬᠢᠵᠢᠯ ᠲᠤᠢᠯ ᠤ᠋ᠨ ᠦᠨᠳᠦᠷ ᠪᠠᠢᠵᠤ᠂ ᠬᠡᠳᠦᠢᠪᠡᠷ ᠤᠯᠠᠨ ᠲᠦᠮᠡᠨ ᠤ᠋ ᠨᠠᠢᠷᠠᠯ ᠳᠠᠭᠤᠤ ᠵᠢᠨ ᠦᠵᠡᠬᠦᠯᠬᠡ ᠵᠢᠨ ᠲᠤᠭᠯᠠᠯᠳᠠ ᠭᠡᠳᠡᠭ ᠪᠤᠯᠪᠠᠴᠤ ᠤᠯᠠᠨ ᠤ᠋ ᠮᠡᠷᠭᠡᠵᠢᠯ ᠤ᠋ᠨ ᠲᠦᠪᠰᠢᠨ ᠴᠦᠮ ᠮᠠᠰᠢ ᠦᠨᠳᠦᠷ᠂ ᠤᠷᠠᠯᠢᠭᠴᠢ ᠴᠢᠨᠠᠷ ᠪᠦᠷ ᠮᠠᠰᠢ ᠰᠠᠢᠨ ᠪᠠᠢᠵᠤ᠂ ᠮᠠᠨ ᠤ᠋ ᠤᠷᠤᠨ ᠤ᠋ ᠤᠯᠠᠨ ᠲᠦᠮᠡᠨ ᠤ᠋ ᠳᠠᠭᠤᠤ ᠤᠷᠠᠯᠢᠭ ᠤ᠋ᠨ ᠲᠦᠪᠰᠢᠨ ᠢ᠋ ᠬᠠᠷᠠᠭᠤᠯᠵᠦ ᠴᠢᠳᠠᠯ᠎ᠠ》 ᠭᠡᠵᠦ ᠦᠪᠦᠷ ᠮᠤᠨᠭᠭᠤᠯ ᠤ᠋ᠨ ᠰᠤᠶᠤᠯ ᠤ᠋ᠨ ᠤᠷᠳᠤᠨ ᠤ᠋ ᠳᠠᠷᠤᠭ᠎ᠠ ᠹᠦ ᠶᠦ᠋ᠩ ᠵᠢᠶᠦ᠋ᠨ ᠬᠠᠨᠤᠮᠵᠢᠳᠠᠢ ᠶᠠᠷᠢᠨ᠎ᠠ ᠃ ᠦᠳᠡᠰᠢᠯᠡᠬᠡ ᠵᠢᠨ ᠶᠡᠷᠦᠩᠬᠡᠢ ᠤᠳᠤᠷᠢᠳᠤᠭᠠᠴᠢ ᠵᠠᠩ ᠵᠢᠩ ᠪᠢᠨ ᠤ᠋ ᠳᠠᠨᠢᠯᠴᠠᠭᠤᠯᠤᠭᠰᠠᠨ ᠵᠢᠡᠷ᠂ ᠦᠵᠡᠬᠦᠯᠬᠡ ᠢ᠋ᠢᠨ ᠲᠤᠭᠯᠠᠯᠳᠠ ᠳ᠋ᠤ ᠪᠦᠬᠦ ᠤᠷᠤᠨ ᠤ᠋ ᠡᠯ᠎ᠠ ᠭᠠᠵᠠᠷ ᠤ᠋ᠨ 8 ᠨᠠᠢᠷᠠᠯ ᠲᠠᠭᠤᠤ ᠢ᠋ᠢᠨ ᠪᠦᠯᠬᠦᠮ ᠤ᠋ᠨ 300 ᠭᠠᠷᠤᠢ ᠬᠦᠮᠦᠨ ᠢ᠋ ᠤᠷᠤᠯᠴᠠᠭᠤᠯᠵᠦ᠂ ᠦᠵᠡᠬᠦᠯᠬᠡ ᠵᠢᠨ ᠲᠤᠭᠯᠠᠯᠳᠠ ᠵᠢ ᠵᠢᠪ ᠵᠢᠩᠬᠢᠨᠢ ᠠᠷᠠᠳ ᠲᠦᠮᠡᠨ ᠤ᠋ ᠪᠠᠶᠠᠷ ᠨᠠᠢᠷ ᠪᠤᠯᠭᠠᠭᠰᠠᠨ ᠪᠠᠢᠨ᠎ᠠ᠃ 《ᠲᠤᠭᠯᠠᠯᠳᠠ ᠨᠢ ᠦᠪᠦᠷ ᠮᠤᠨᠭᠭᠤᠯ ᠤ᠋ᠨ ᠠᠷᠠᠳ ᠲᠦᠮᠡᠨ ᠤ᠋ ᠪᠦᠯᠬᠦᠮᠳᠡᠨ ᠲᠡᠮᠡᠴᠡᠬᠦ ᠵᠤᠷᠢᠭ ᠰᠠᠨᠠᠭ᠎ᠠ᠂ ᠦᠪᠦᠷ ᠮᠤᠨᠭᠭᠤᠯ ᠤ᠋ᠨ ᠨᠡᠢᠬᠡᠮ ᠰᠤᠶᠤᠯ ᠤᠷᠠᠯᠢᠭ ᠤ᠋ᠨ ᠬᠦᠭᠵᠢᠯᠳᠡ ᠵᠢᠨ ᠲᠦᠪᠰᠢᠨ ᠪᠤᠯᠤᠨ ᠪᠤᠯᠪᠠᠰᠤᠨ ᠤ᠋ ᠬᠢᠷᠢ ᠬᠡᠮᠵᠢᠶ᠎ᠡ ᠵᠢ ᠬᠠᠷᠠᠭᠤᠯᠵᠦ ᠴᠢᠳᠠᠭᠰᠠᠨ ᠵᠢᠡᠷ ᠦᠳᠡᠰᠢᠯᠡᠬᠡ ᠳᠡᠬᠦᠰ ᠠᠮᠵᠢᠯᠳᠠ ᠲᠠᠢ ᠪᠤᠯᠵᠠᠢ》 ᠬᠡᠵᠤ ᠵᠠᠩ ᠵᠢᠩ ᠪᠢᠨ ᠤᠷᠮᠠᠳᠠᠢ ᠶᠠᠷᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃