2022-07-29 10:04:31
7 ᠰᠠᠷ᠎ᠠ ᠶ᠋ᠢᠨ 28 ᠤ᠋ ᠦᠳᠡ ᠶ᠋ᠢᠨ ᠬᠤᠢᠨ᠎ᠠ᠂ ᠦᠪᠦᠷ ᠮᠤᠨᠭᠭᠤᠯ ᠤ᠋ᠨ ᠪᠡᠶ᠎ᠡ ᠲᠠᠮᠢᠷ ᠤ᠋ᠨ ᠤᠷᠳᠤᠨ ᠳ᠋ᠤ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠡᠬᠢᠯᠡᠯᠳᠡ ᠵᠢᠨ ᠶᠤᠰᠤᠯᠠᠯ ᠤ᠋ᠨ ᠲᠤᠭᠯᠠᠯᠳᠠ ᠪᠤᠯᠬᠤ 《ᠥᠪᠥᠷ ᠮᠣᠩᠭᠣᠯ ᠤ᠋ᠨ ᠰᠣᠩᠭᠣᠳᠠᠭ ᠳᠠᠭᠤᠤ ᠶ᠋ᠢᠨ ᠦᠳᠡᠱᠢᠯᠡᠭᠡ》 ᠶ᠋ᠢᠨ ᠲᠤᠭᠯᠠᠭᠴᠢᠳ ᠰᠤᠷᠢᠯᠳᠠ ᠲᠤᠭᠯᠠᠯᠳᠠ ᠬᠢᠵᠦ᠂ ᠤᠳᠤᠷᠢᠳᠤᠭᠠᠴᠢ᠂ ᠬᠦᠳᠦᠯᠦᠭᠴᠢ᠂ ᠬᠡᠷᠡᠯᠳᠦᠬᠦᠯᠦᠭᠴᠢ᠂ ᠳᠠᠭᠤ ᠲᠠᠭᠠᠷᠠᠭᠤᠯᠤᠭᠴᠢ᠂ ᠳᠠᠢᠰᠠᠨ ᠤ᠋ ᠠᠷᠤ ᠵᠢᠨ ᠵᠤᠬᠢᠴᠠᠭᠤᠯᠤᠭᠴᠢ ᠨᠠᠷ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠯᠳᠤᠵᠦ ᠪᠠᠢᠯ᠎ᠠ ᠃
ᠲᠤᠰ ᠦᠳᠡᠰᠢᠯᠡᠬᠡ ᠶ᠋ᠢᠨ ᠤᠳᠤᠷᠢᠳᠤᠭᠠᠴᠢ ᠴᠸᠨ ᠱᠢ ᠵᠢᠨ ᠲᠠᠨᠢᠯᠴᠠᠭᠤᠯᠤᠭᠰᠠᠨ ᠵᠢᠡᠷ᠂ 2600 ᠳᠡᠭᠰᠢ ᠲᠦᠷᠪᠡᠯᠵᠢᠨ ᠮᠧᠲ᠋ᠷ ᠤ᠋ᠨ ᠳᠠᠯᠠᠪᠠᠢ ᠲᠠᠢ ᠦᠳᠡᠰᠢᠯᠡᠬᠡ ᠵᠢᠨ ᠠᠬᠤᠢ ᠳᠠᠯᠠᠪᠠᠢ ᠶ᠋ᠢᠨ ᠭᠤᠷᠪᠠᠨᠤ ᠨᠢᠭᠡ ᠵᠢ ᠨᠢ ᠲᠤᠭᠯᠠᠯᠳᠠ ᠵᠢᠨ ᠭᠤᠤᠯ ᠳᠠᠢᠰᠠ ᠡᠵᠡᠯᠡᠵᠦ᠂ ᠨᠡᠢᠳᠡ 946 ᠳ᠋ᠧᠩ ᠤᠭᠰᠠᠷᠠᠨ᠂ ᠲᠤᠭᠯᠠᠯᠳᠠ ᠵᠢᠨ ᠭᠤᠤᠯ ᠳᠠᠢᠰᠠ ᠵᠢ ᠲᠡᠭᠳᠡᠷ ᠬᠡᠯᠪᠡᠷᠢ ᠪᠡᠷ ᠪᠠᠢᠭᠤᠯᠪᠠ᠃ ᠪᠠᠷᠠᠭᠤᠨ ᠭᠠᠷ ᠳᠠᠯ᠎ᠠ ᠳ᠋ᠤ ᠠᠷᠠᠳ ᠤ᠋ᠨ ᠬᠦᠭᠵᠢᠮ ᠤ᠋ᠨ ᠠᠩᠬᠢ᠂ ᠨᠠᠢᠷᠠᠯ ᠳᠠᠭᠤᠤ ᠶ᠋ᠢᠨ ᠪᠦᠯᠬᠦᠮ ᠢ᠋ ᠪᠠᠢᠷᠢᠯᠠᠭᠤᠯᠵᠤ᠂ ᠵᠡᠬᠦᠨ ᠭᠠᠷ ᠳᠠᠯ᠎ᠠ ᠳ᠋ᠤ ᠳᠡᠯᠡᠳᠦᠬᠦᠷ ᠬᠦᠭᠵᠢᠮ ᠤ᠋ᠨ ᠠᠩᠬᠢ ᠵᠢ ᠪᠠᠢᠷᠢᠯᠠᠭᠤᠯᠵᠤ᠂ ᠬᠤᠶᠠᠳᠤᠭᠠᠷ ᠳᠡᠭᠳᠡᠷ ᠲᠦ᠍ ᠨᠠᠢᠷᠠᠯ ᠬᠦᠭᠵᠢᠮ ᠤ᠋ᠨ ᠠᠩᠬᠢ ᠵᠢ ᠪᠠᠢᠷᠢᠯᠠᠭᠤᠯᠬᠤ ᠪᠤᠯᠤᠨ᠎ᠠ ᠂ ᠡᠨᠡ ᠪᠤᠯ ᠲᠤᠭᠯᠠᠯᠳᠠ ᠶ᠋ᠢᠨ ᠨᠢᠭᠡᠨ ᠬᠢᠯᠠᠰ ᠴᠡᠭ ᠮᠦᠨ᠃ ᠲᠤᠰ ᠬᠤᠭᠤᠴᠠᠭᠠᠨ ᠤ᠋ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠪᠦᠬᠦᠯᠢ ᠴᠤᠭᠴᠠ ᠵᠢᠨ ᠤᠷᠠᠯᠢᠭ ᠤ᠋ᠨ ᠲᠦᠪᠰᠢᠨ ᠮᠠᠰᠢ ᠦᠨᠳᠦᠷ᠂ ᠲᠤᠭᠯᠠᠭᠴᠢᠳ ᠪᠦᠷ ᠲᠤᠰᠬᠠᠢᠵᠢᠭᠰᠡᠨ ᠤᠷᠠᠯᠢᠭᠴᠢᠳ ᠮᠦᠨ᠃ ᠪᠢᠳᠡ ᠳᠠᠭᠤᠯᠠᠬᠤ ᠳᠠᠭᠤᠤ ᠳ᠋ᠤ ᠪᠠᠰᠠ ᠰᠢᠨ᠎ᠡ ᠵᠢ ᠡᠬᠦᠳᠴᠦ᠂ ᠨᠠᠢᠷᠠᠯ ᠬᠦᠭᠵᠢᠮ᠂ ᠡᠯᠧᠺᠲ᠋ᠷᠤᠨ ᠳᠠᠭᠤᠤ ᠬᠦᠭᠵᠢᠮ ᠵᠢᠡᠷ ᠰᠤᠩᠭᠤᠳᠠᠭ ᠳᠠᠭᠤᠤ ᠵᠢ ᠳᠠᠬᠢᠨ ᠨᠠᠢᠷᠠᠭᠤᠯᠵᠦ ᠳᠠᠭᠤᠯᠠᠨ᠎ᠠ᠃ ᠲᠡᠷᠡ ᠮᠦᠷᠳᠡᠭᠡᠨ ᠳᠠᠭᠤᠴᠢᠳ ᠪᠦᠷ ᠮᠠᠨ ᠤ᠋ ᠤᠷᠤᠨ ᠤ᠋ ᠠᠯᠳᠠᠷᠳᠦ ᠤᠷᠠᠯᠢᠭᠴᠢᠳ ᠪᠤᠯᠤᠨ᠎ᠠ ᠃
ᠲᠤᠭᠯᠠᠯᠳᠠ ᠵᠢᠨ ᠭᠤᠤᠯ ᠳᠠᠢᠰᠠᠨ ᠡᠴᠡ ᠤᠢᠷᠠᠬᠠᠨ ᠦᠵᠡᠭᠴᠢᠳ ᠤ᠋ᠨ ᠰᠠᠭᠤᠳᠠᠯ ᠳ᠋ᠤ ᠠᠯᠳᠠᠷᠳᠦ ᠳᠠᠭᠤᠴᠢᠨ ᠳᠡᠳᠮ᠎ᠡ ᠬᠠᠮᠳᠤᠷᠠᠨ ᠠᠵᠢᠯᠯᠠᠭᠴᠢ ᠨᠠᠷ ᠲᠠᠢ ᠪᠠᠨ ᠰᠠᠭᠤᠯᠴᠠᠵᠦ ᠪᠠᠢᠯ᠎ᠠ᠃《ᠪᠢ ᠠᠷᠪᠠᠨ ᠳᠠᠪᠤᠳᠤᠭᠠᠷ᠂ ᠠᠷᠪᠠᠨ ᠵᠢᠷᠭᠤᠳᠤᠭᠠᠷ ᠭᠡᠳ ᠦᠩᠬᠡᠷᠡᠭᠰᠡᠨ ᠬᠡᠳᠦ ᠤᠳᠠᠭ᠎ᠠ ᠵᠢᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠲᠦ᠍ ᠪᠦᠷ ᠤᠷᠤᠯᠴᠠᠭᠰᠠᠨ ᠂ ᠤᠳᠤ ᠨᠠᠰᠤ ᠠᠬᠢᠵᠠᠢ᠃ ᠬᠡᠪᠡᠴᠦ ᠡᠨᠡ ᠤᠳᠠᠭ᠎ᠠ ᠪᠠᠰᠠ ᠤᠷᠤᠯᠴᠠᠨ᠎ᠠ᠂ ᠲᠡᠷᠡ ᠮᠦᠷᠳᠡᠬᠡᠨ ᠵᠠᠯᠠᠭᠤ ᠨᠢᠬᠡ ᠦᠶ᠎ᠡ ᠶ᠋ᠢᠨ ᠤᠷᠠᠯᠢᠭᠴᠢᠳ ᠲᠠᠢ ᠬᠠᠮᠳᠤ ᠦᠳᠡᠰᠢᠯᠡᠭᠡ ᠳ᠋ᠤ ᠤᠷᠤᠯᠴᠠᠨ᠎ᠠ ᠬᠡᠬᠦᠯᠡᠷ ᠪᠠᠶᠠᠷᠯᠠᠵᠦ ᠰᠠᠭᠤᠨ᠎ᠠ ᠂ ᠡᠨᠡ ᠴᠢᠨᠢ ᠶᠡᠬᠡ ᠤᠳᠬ᠎ᠠ ᠠᠭᠤᠯᠭ᠎ᠠ ᠲᠠᠢ ᠶᠠᠪᠤᠳᠠᠯ ᠶᠤᠮ》 ᠬᠡᠵᠤ ᠶᠠᠷᠢᠨ᠎ᠠ᠃ ᠲᠡᠳᠮᠠ ᠪᠠᠭᠰᠢ ᠵᠢᠨ ᠬᠠᠮᠳᠤᠷᠠᠨ ᠠᠵᠢᠯᠯᠠᠭᠴᠢ ᠂ ᠦᠪᠦᠷ ᠮᠤᠨᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠵᠠᠯᠠᠭᠤ ᠳᠠᠭᠤᠴᠢᠨ ᠪᠤᠤ ᠲᠢᠶᠠᠨ ᠪᠤᠤ᠄ 《ᠲᠤᠰ ᠬᠤᠭᠤᠴᠠᠭᠠᠨ ᠤ᠋ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠶᠡᠬᠡ ᠰᠠᠢᠬᠠᠨ ᠪᠤᠯᠬᠤ ᠨᠢ ᠯᠠᠪᠳᠠᠢ ᠃ ᠪᠢᠳᠡ ᠬᠤᠶᠠᠷ ᠡᠳᠦᠷ ᠰᠤᠷᠢᠯᠳᠠ ᠲᠤᠭᠯᠠᠯᠳᠠ ᠬᠢᠴᠢᠬᠡᠭᠰᠡᠨ᠃ ᠡᠨᠡ ᠤᠳᠠᠭᠠᠨ ᠤ᠋ ᠨᠠᠢᠷ ᠲᠦ᠍ ᠤᠷᠤᠨ ᠤ᠋ ᠭᠠᠳᠠᠨ᠎ᠠ ᠡᠴᠡ ᠨᠠᠷᠠ ᠠᠯᠳᠠᠷᠳᠠᠢ ᠤᠯᠠᠨ ᠤᠷᠠᠯᠢᠭᠴᠢᠨ ᠪᠤᠯᠤᠨ ᠤᠷᠠᠯᠢᠭ ᠤ᠋ᠨ ᠪᠦᠯᠬᠦᠮ ᠬᠦᠷᠦᠯᠴᠡᠨ ᠢᠷᠡᠵᠦ ᠲᠤᠭᠯᠠᠯᠳᠠ ᠭᠠᠷᠭᠠᠬᠤ ᠪᠤᠯᠤᠭᠰᠠᠨ ᠨᠢ ᠰᠤᠶᠤᠯ ᠤ᠋ᠨ ᠨᠠᠢᠷ ᠤ᠋ᠨ ᠰᠢᠨ᠎ᠡ ᠨᠢᠭᠡᠨ ᠬᠡᠯᠪᠡᠷᠢ ᠪᠠᠢᠵᠤ ᠂ ᠮᠠᠨ ᠤ᠋ ᠵᠠᠯᠠᠭᠤ ᠨᠢᠭᠡ ᠦᠶ᠎ᠡ ᠶ᠋ᠢᠨ ᠤᠷᠠᠯᠢᠭᠴᠢᠳ ᠲᠦ᠍ ᠨᠡᠷᠡᠳᠦ ᠪᠠᠭᠰᠢ ᠨᠠᠷ ᠡᠴᠡ ᠰᠤᠷᠤᠯᠴᠠᠬᠤ ᠠᠵᠠ ᠲᠤᠬᠢᠶᠠᠯ ᠬᠠᠩᠭᠠᠯ᠎ᠠ ᠭᠡᠵᠦ ᠪᠤᠳᠤᠵᠦ ᠪᠠᠢᠨ᠎ᠠ᠃ ᠨᠦᠬᠦᠬᠡ ᠳᠠᠯ᠎ᠠ ᠪᠡᠷ ᠡᠨᠡ ᠤᠳᠠᠭᠠᠨ ᠤ᠋ ᠨᠠᠢᠷ ᠲᠦ᠍ ᠬᠠᠮᠳᠤᠯᠢᠭ ᠪᠠ ᠳᠠᠭᠤᠤ ᠬᠦᠭᠵᠢᠮ ᠤ᠋ᠨ ᠲᠤᠭᠯᠠᠯᠳᠠ ᠳ᠋ᠤ ᠪᠦᠷ ᠮᠠᠰᠢ ᠦᠨᠳᠤᠷ ᠱᠠᠭᠠᠷᠳᠠᠯᠭ᠎ᠠ ᠲᠠᠯᠪᠢᠪᠠ᠂ ᠡᠨᠡ ᠨᠢ ᠮᠠᠨᠤᠰ ᠤ᠋ᠨ ᠪᠤᠯᠪᠠᠰᠤᠷᠠᠯ ᠪᠠ ᠮᠡᠷᠭᠡᠵᠢᠯ ᠤ᠋ᠨ ᠳᠡᠭᠡᠭᠰᠢᠯᠡᠯᠳᠡ ᠳ᠋ᠤ ᠶᠡᠬᠡ ᠠᠰᠢᠭ ᠲᠠᠢ ᠶᠤᠮ᠃ ᠪᠢᠳᠡ ᠦᠵᠡᠭᠴᠢ ᠤᠯᠠᠨ ᠳ᠋ᠠᠭᠠᠨ ᠠᠬᠤᠢ ᠳᠠᠯᠠᠪᠠᠢ ᠶ᠋ᠢᠨ ᠵᠢᠩᠬᠢᠨᠢ ᠲᠤᠭᠯᠠᠯᠳᠠ ᠪᠠᠨ ᠦᠵᠡᠬᠦᠯᠬᠦ ᠨᠢ ᠵᠦᠢᠳᠡᠢ》 ᠭᠡᠮᠡᠨ ᠶᠠᠷᠢᠨ᠎ᠠ ᠃
ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠡᠬᠢᠯᠡᠯᠲᠡ ᠶ᠋ᠢᠨ ᠶᠣᠰᠣᠯᠠᠯ 7 ᠰᠠᠷ᠎ᠠ ᠶ᠋ᠢᠨ 30 ᠤ᠋ ᠣᠷᠣᠢ ᠶ᠋ᠢᠨ 8 ᠴᠠᠭ ᠲᠦ᠍ ᠥᠪᠥᠷ ᠮᠣᠩᠭᠣᠯ ᠤ᠋ᠨ ᠪᠡᠶ᠎ᠡ ᠶ᠋ᠢᠨ ᠲᠠᠮᠢᠷ ᠤ᠋ᠨ ᠣᠷᠳᠣᠨ ᠳ᠋ᠤ ᠶᠠᠪᠤᠭ᠍ᠳᠠᠨᠠ᠃ ᠲᠤᠬᠠᠢ ᠶ᠋ᠢᠨ ᠦᠶ᠎ᠡ ᠳ᠋ᠤ ᠠᠷᠠᠳ ᠤ᠋ᠨ ᠡᠳᠦᠷ ᠤ᠋ᠨ ᠰᠣᠨᠢᠨ ᠤ᠋ ᠱᠢᠯᠵᠢᠶᠡ ᠂ ᠠᠷᠠᠳ ᠤ᠋ᠨ ᠰᠦᠯᠵᠢᠶᠡᠨ ᠤ᠋ ᠱᠢᠯᠵᠢᠶᠡ᠂ ᠱᠢᠨᠬᠤᠸᠠ ᠰᠦᠯᠵᠢᠶᠡᠨ ᠤ᠋ ᠱᠢᠯᠵᠢᠶᠡ᠂ ᠲᠥᠪ ᠤ᠋ᠨ ᠷᠠᠳᠢᠣ᠋ ᠨᠡᠪᠲᠡᠷᠡᠭᠦᠯᠭᠡᠶ᠋ᠢᠨ ᠰᠦᠯᠵᠢᠶᠡᠨ ᠤ᠋ ᠱᠢᠯᠵᠢᠶᠡ ᠵᠡᠷᠭᠡ ᠲᠥᠪ ᠤ᠋ᠨ ᠭᠣᠣᠯ ᠪᠣᠯᠬᠤ ᠵᠠᠭᠤᠴᠢᠯᠠᠭᠤᠷ ᠤ᠋ᠨ ᠬᠠᠷᠢᠶ᠎ᠠ ᠱᠢᠨ᠎ᠡ ᠵᠠᠭᠤᠴᠢᠯᠠᠭᠤᠷ ᠤ᠋ᠨ ᠲᠠᠪᠴᠠᠩ ᠂ ᠲᠸᠩ ᠱᠢᠶᠦ᠋ᠨ᠂ ᠱᠢᠨ ᠯᠠᠩ ᠵᠡᠷᠭᠡ ᠤᠯᠤᠰ ᠤ᠋ᠨ ᠳᠣᠲᠣᠭᠠᠳᠤᠶ᠋ᠢᠨ ᠨᠡᠷᠡᠳᠤ ᠬᠤᠳᠠᠯᠳᠤᠭᠠᠨ ᠤ᠋ ᠵᠠᠭᠤᠴᠢᠯᠠᠭᠤᠷ ᠵᠢᠴᠢ ᠲᠠᠯ᠎ᠠ ᠨᠤᠳᠤᠭ ᠪᠦᠷᠢᠨ ᠵᠠᠭᠤᠴᠢᠯᠠᠭᠤᠷ᠂ ᠲᠡᠬᠦᠯᠢᠯᠳᠡ ᠬᠠᠮ ᠵᠠᠭᠤᠴᠢᠯᠠᠭᠤᠷ ᠵᠡᠷᠭᠡ ᠥᠪᠡᠷᠲᠡᠭᠡᠨ ᠵᠠᠰᠠᠬᠤ ᠣᠷᠣᠨ ᠤ᠋ ᠭᠣᠣᠯ ᠪᠣᠯᠬᠤ ᠱᠢᠨ᠎ᠡ ᠵᠠᠭᠤᠴᠢᠯᠠᠭᠤᠷ ᠤ᠋ᠨ ᠲᠠᠪᠴᠠᠩ ᠢᠵᠢᠯᠢ ᠠᠯᠬᠤᠮ ᠵᠢᠡᠷ ᠰᠦᠯᠵᠢᠶᠡᠨ ᠤ᠋ ᠱᠢᠭᠤᠳ ᠨᠡᠪᠲᠡᠷᠡᠭᠦᠯᠭᠡ ᠬᠢᠵᠦ᠍᠂ ᠪᠦᠬᠦ᠌ ᠤᠯᠤᠰ ᠤ᠋ᠨ ᠰᠦᠯᠵᠢᠶᠡᠨ ᠢᠷᠬᠡᠳ ᠲᠦ᠍ ᠳᠠᠭᠤᠤ ᠬᠥᠭ᠌ᠵᠢᠮ ᠤ᠋ᠨ ᠦᠪᠡᠳᠡᠭ᠌ᠰᠢ ᠳᠠᠢᠯᠠᠯᠭ᠎ᠠ ᠬᠠᠩᠭᠠᠵᠤ᠂ ᠠᠮᠢᠵᠢᠷᠠᠯ ᠪᠢᠯᠬᠠᠭᠰᠠᠨ ᠥᠪᠥᠷ ᠮᠣᠩᠭᠣᠯ ᠤ᠋ᠨ ᠱᠢᠨ᠎ᠡ ᠲᠦᠷᠢ ᠲᠥᠷᠬᠦ᠌ᠶ᠋ᠢ ᠦᠵᠡᠬᠦᠯᠬᠦ ᠪᠣᠯᠤᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃