ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-09 16:51:10

ᠵᠣᠬᠢᠶᠠᠭ᠍ᠴᠢ᠄ ᠰᠠᠷᠭᠠᠢ ᠣᠩᠱᠢᠭ᠍ᠰᠠᠨ ᠣᠳᠠᠭ᠎ᠠ᠄ 3

8 ᠰᠠᠷ᠎ᠠ ᠵᠢᠨ 8 ᠤ᠋ ᠤᠷᠤᠢ ᠂ ᠳᠤᠮᠳᠠᠳᠤ ᠤᠯᠤᠰ ᠤ᠋ᠨ ᠳᠠᠭᠤᠯᠠᠯᠲᠤ ᠵᠦᠴᠦᠭᠡ ᠪᠥᠵᠢᠭ᠌ᠲᠦ ᠵᠦᠴᠦᠭᠡ ᠵᠢᠨ ᠬᠦᠷᠢᠶᠡᠯᠡᠩ ᠤ᠋ᠨ ᠬᠢᠨ ᠦᠪᠡᠷ ᠤ᠋ᠨ ᠵᠣᠬᠢᠶᠠᠨ ᠪᠦᠲᠦᠭᠡᠭ᠌ᠰᠡᠨ ᠪᠥᠵᠢᠭ᠌ᠲᠦ ᠵᠦᠴᠦᠭᠡ 《ᠺᠦᠩᠽᠢ》 ᠶ᠋ᠢ ᠥᠪᠥᠷ ᠮᠣᠩᠭᠣᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠲᠣᠭ᠍ᠯᠠᠵᠤ ᠂ ᠦᠵᠡᠭᠴᠢᠳ ᠲᠦ᠍ ᠡᠯᠪᠡᠭ ᠪᠠᠶᠠᠯᠢᠭ ᠲᠡᠤᠬᠡ ᠢ᠋ᠢᠨ ᠠᠭᠤᠯᠤᠭᠳᠠᠬᠤᠨ ᠲᠠᠢ ᠤᠷᠠᠯᠢᠭ ᠤ᠋ᠨ ᠰᠤᠳᠤᠨ ᠪᠦᠳᠦᠭᠡᠯ ᠢ᠋ ᠰᠤᠨᠢᠷᠬᠠᠭᠤᠯᠤᠭᠰᠠᠨ ᠪᠠᠢᠨ᠎ᠠ ᠃

ᠪᠦᠵᠢᠭᠳᠤ ᠵᠦᠴᠦᠬᠡ《ᠺᠦᠨᠭᠽᠢ》ᠪᠤᠯ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ· ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠲᠦ᠍ ᠤᠨᠴᠠ ᠤᠷᠢᠭᠰᠠᠨ ᠦᠵᠡᠬᠦᠯᠬᠡ ᠵᠢᠨ ᠲᠤᠭᠯᠠᠯᠳᠠ ᠵᠢᠨ ᠨᠢᠬᠡ ᠪᠤᠯᠤᠨ᠎ᠠ ᠃ ᠲᠡᠷᠡ ᠨᠢ 6 ᠦᠵᠡᠭᠳᠡᠯ ᠢ᠋ᠢᠡᠷ ᠪᠦᠷᠢᠯᠳᠦᠵᠤ ᠂ ᠺᠦᠨᠭᠽᠢ ᠢ᠋ᠢᠨ ᠨᠡᠢᠬᠡᠮ ᠨᠡᠢᠳᠡ ᠵᠢᠨ ᠲᠦᠯᠦᠬᠡ ᠠᠷᠠᠳ ᠤᠯᠠᠨ ᠢ᠋ ᠠᠪᠤᠷᠠᠨ ᠲᠡᠳᠬᠦᠬᠦ ᠬᠦᠰᠡᠯ ᠡᠪᠤᠷᠯᠡᠨ ᠤᠯᠠᠨ ᠤᠯᠤᠰ ᠢ᠋ᠢᠡᠷ ᠠᠢᠯᠴᠢᠯᠠᠭᠰᠠᠨ ᠨᠢᠬᠡ ᠨᠠᠰᠤᠨ ᠤ᠋ ᠦᠨᠭᠬᠡᠷᠡᠯᠳᠡ ᠵᠢ ᠵᠢᠷᠤᠭᠯᠠᠪᠠ ᠃ ᠲᠤᠰ ᠵᠦᠴᠦᠬᠡ ᠨᠢ ᠺᠦᠨᠭᠽᠢ ᠢ᠋ᠢᠨ ᠲᠦᠷᠦ ᠢ᠋ᠢᠨ ᠶᠠᠪᠤᠳᠠᠯ ᠳ᠋ᠤ ᠤᠷᠤᠯᠴᠠᠨ ᠰᠠᠨᠠᠯ ᠰᠠᠨᠠᠭᠤᠯᠭ᠎ᠠ ᠪᠡᠨ ᠲᠡᠪᠰᠢᠬᠦᠯᠦᠭᠰᠡᠨ ᠂ ᠤᠯᠠᠨ ᠤᠯᠤᠰ ᠢ᠋ᠢᠡᠷ ᠠᠢᠯᠴᠢᠯᠠᠭᠰᠠᠨ ᠂ ᠠᠶᠤᠯ ᠲᠦᠭᠰᠢᠬᠦᠷᠢ ᠳ᠋ᠤ ᠤᠴᠠᠷᠠᠵᠤ ᠠᠮᠤ ᠬᠦᠨᠡᠰᠤ ᠲᠠᠰᠤᠷᠠᠭᠰᠠᠨ ᠂《ᠰᠢᠯᠦᠭᠯᠡᠯᠳᠤ ᠨᠤᠮ》ᠢ᠋ ᠨᠠᠢᠷᠠᠭᠤᠯᠤᠨ ᠵᠠᠰᠠᠭᠰᠠᠨ ᠂《ᠴᠦᠨ ᠴᠢᠦ ᠱᠠᠰᠳᠢᠷ》ᠢ᠋ ᠲᠤᠭᠤᠷᠪᠢᠭᠰᠠᠨ ᠂ ᠶᠤᠰᠤᠯᠠᠯ ᠶᠠᠪᠤᠭᠤᠯᠵᠤ ᠬᠦᠭᠵᠢᠮ ᠤᠢᠯᠡᠳᠦᠭᠰᠡᠨ ᠵᠡᠷᠭᠡ ᠤᠢᠯᠡ ᠶᠠᠪᠤᠳᠠᠯ ᠢ᠋ ᠤᠷᠠᠯᠢᠭ ᠢ᠋ᠢᠡᠷ ᠠᠮᠢᠯᠠᠭᠤᠯᠵᠤ ᠂ ᠲᠡᠬᠦᠨ ᠤ᠋ ᠲᠠᠢᠨ ᠲᠠᠵᠢᠨ ᠤ᠋ ᠴᠠᠭ ᠦᠶ᠎ᠠ ᠳ᠋ᠤ ᠦᠷᠦᠰᠢᠶᠡᠯ ᠬᠠᠢᠷ᠎ᠠ ᠪᠤᠯᠤᠨ ᠡᠪ ᠨᠢᠬᠡᠳᠤᠯ ᠤ᠋ᠨ ᠦᠵᠡᠯ ᠰᠠᠨᠠᠭ᠎ᠠ ᠢ᠋ᠢ ᠤᠯᠠᠮᠵᠢᠯᠠᠬᠤ ᠢ᠋ᠢ ᠪᠠᠷᠢᠮᠳᠠᠯᠠᠨ ᠂ ᠪᠢᠴᠢᠭ ᠤ᠋ᠨ ᠰᠤᠷᠭᠠᠯᠳᠡᠨ ᠤ᠋ ᠦᠵᠡᠯ ᠰᠠᠨᠠᠭ᠎ᠠ ᠢ᠋ᠢ ᠲᠡᠯᠡᠬᠡᠢ ᠳ᠋ᠤ ᠤᠯᠠᠮᠵᠢᠯᠠᠬᠤ ᠢ᠋ᠢ ᠪᠠᠷᠢᠮᠳᠠᠯᠠᠭᠰᠠᠨ ᠡᠷᠴᠢ ᠵᠤᠷᠢᠭ ᠢ᠋ ᠲᠤᠰᠬᠠᠭᠰᠠᠨ ᠪᠠᠢᠨ᠎ᠠ ᠃

ᠵᠦᠴᠦᠬᠡ ᠵᠢᠨ ᠲᠠᠢᠰᠠ ᠨᠢ ᠴᠦᠨ ᠴᠢᠦ ᠪᠠᠢᠯᠳᠤᠭᠠᠨᠳᠤ ᠤᠯᠤᠰ ᠤ᠋ᠨ ᠲᠡᠤᠬᠡ ᠢ᠋ᠢᠨ ᠲᠤᠷᠠᠰᠬᠠᠯᠳᠤ ᠵᠦᠢᠯᠡᠰ ᠢ᠋ᠢᠡᠷ ᠠᠷᠦ ᠦᠵᠡᠭᠳᠡᠯ ᠪᠤᠯᠭᠠᠨ ᠂ ᠤᠳᠤᠬᠢᠴᠢᠯᠠᠭᠰᠠᠨ ᠤᠷᠠᠯᠢᠭ ᠤ᠋ᠨ ᠭᠤᠤ᠎ᠠ ᠰᠠᠢᠬᠠᠨ ᠤ᠋ ᠵᠢᠷᠤᠭ ᠲᠦᠰᠦᠪᠯᠡᠯᠳᠡ ᠪᠡᠷ ᠬᠦᠮᠦᠰ ᠢ᠋ 2500 ᠭᠠᠷᠤᠢ ᠵᠢᠯ ᠤ᠋ᠨ ᠡᠮᠤᠨ᠎ᠠ ᠬᠦᠳᠦᠯᠦᠨ ᠠᠪᠠᠴᠢᠵᠤ ᠂ ᠤᠷᠠᠨ ᠭᠤᠢᠳᠡ ᠪᠦᠵᠢᠭ ᠢ᠋ᠢᠡᠷ ᠲᠠᠮᠵᠢᠨ ᠺᠦᠩᠽᠢ ᠵᠢᠨ ᠰᠡᠳᠬᠢᠯ ᠤ᠋ᠨ ᠬᠦᠳᠡᠯᠬᠡᠬᠡᠨ ᠢ᠋ ᠢᠯᠡᠳᠭᠡᠨ ᠂ ᠤᠶᠠᠨ ᠰᠠᠢᠬᠠᠨ ᠬᠥᠭ᠌ᠵᠢᠮ ᠤ᠋ᠨ ᠠᠶᠠᠰ ᠪᠤᠯᠤᠨ ᠲᠠᠢᠰᠠᠨ ᠤ᠋ ᠰᠠᠨᠠᠭ᠎ᠠ ᠠᠬᠤᠢ ᠪᠡᠷ ᠺᠦᠩᠽᠢ ᠵᠢᠨ ᠳᠣᠲᠣᠭᠠᠳᠤ ᠰᠡᠳᠭᠢᠯᠭᠡ ᠵᠢᠨ ᠶᠢᠷᠲᠢᠨᠴᠦ᠍ ᠶ᠋ᠢ ᠢᠯᠡᠷᠡᠭᠦᠯᠵᠦ᠍ ᠂ ᠺᠦᠩᠽᠢ ᠵᠢᠨ ᠵᠣᠷᠢᠭ ᠰᠠᠨᠠᠭᠠᠨ ᠤ᠋ ᠣᠨᠴᠠᠯᠢᠭ ᠂ ᠣᠶᠤᠨ ᠤᠬᠠᠭᠠᠨ ᠤ᠋ ᠭᠡᠷᠡᠯ ᠭᠢᠯᠪᠠᠭ᠎ᠠ ᠶ᠋ᠢ ᠤᠷᠠᠯᠢᠭ ᠵᠢᠡᠷ ᠲᠡᠯᠬᠡᠨ ᠂ ᠪᠢᠴᠢᠭ ᠤ᠋ᠨ ᠰᠤᠷᠭᠠᠯᠲᠠᠨ ᠤ᠋ ᠰᠣᠶᠣᠯ ᠤ᠋ᠨ ᠠᠭᠤᠯᠤᠭ᠍ᠳᠠᠬᠤᠨ ᠢ᠋ ᠣᠯᠠᠨ ᠲᠠᠯ᠎ᠠ ᠡᠴᠡ ᠢᠯᠡᠳᠭᠡᠭ᠌ᠰᠡᠨ ᠪᠠᠢᠨ᠎ᠠ ᠃

ᠤᠢᠯᠠᠭᠠᠭᠰᠠᠨ ᠵᠢᠡᠷ ᠂ ᠲᠤᠰ ᠵᠦᠴᠦᠬᠡ ᠢ᠋ᠢ 2013 ᠤᠨ ᠳ᠋ᠤ ᠵᠤᠬᠢᠶᠠᠨ ᠪᠦᠳᠦᠭᠡᠭᠰᠡᠨ ᠡᠴᠡ ᠨᠠᠭᠠᠰᠢ ᠤᠳᠤᠬᠠᠨ ᠪᠤᠯᠳᠠᠯ᠎ᠠ ᠨᠡᠢᠳᠡ 400 ᠭᠠᠷᠤᠢ ᠲᠠᠯᠠᠪᠤᠷ ᠲᠤᠭᠯᠠᠵᠤ ᠂ ᠦᠵᠡᠭᠴᠢᠳ ᠤ᠋ᠨ ᠬᠠᠯᠠᠭᠤᠨ ᠬᠦᠷᠢᠶᠡᠯᠡᠯ ᠢ᠋ ᠤᠯᠤᠭᠰᠠᠨ ᠰᠤᠳᠤᠨ ᠪᠦᠳᠦᠭᠡᠯ ᠪᠤᠯᠵᠠᠢ ᠃《ᠪᠢᠳᠡ ᠪᠦᠵᠢᠭᠳᠤ ᠵᠦᠴᠦᠬᠡ〈ᠺᠦᠩᠽᠢ〉ᠪᠡᠷ ᠲᠠᠮᠵᠢᠨ ᠲᠤᠮᠳᠠᠳᠤ ᠢ᠋ᠢᠨ ᠦᠨᠳᠦᠰᠦᠳᠡᠨ ᠤ᠋ ᠬᠦᠴᠦᠨ ᠴᠢᠳᠠᠯ ᠢ᠋ ᠲᠠᠮᠵᠢᠭᠤᠯᠵᠤ ᠂ ᠲᠤᠮᠳᠠᠳᠤ ᠢ᠋ᠢᠨ ᠦᠨᠳᠦᠰᠦᠳᠡᠨ ᠤ᠋ ᠤᠯᠠᠮᠵᠢᠯᠠᠯᠳᠤ ᠰᠤᠶᠤᠯ ᠤ᠋ᠨ ᠬᠠᠮᠠᠭᠠᠯᠠᠯᠳᠡ ᠪᠤᠯᠤᠨ ᠦᠨᠳᠦᠰᠦᠳᠡᠨ ᠤ᠋ ᠢᠳᠡᠭᠡᠯ ᠢ᠋ ᠤᠯᠠᠮ ᠴᠢᠨᠭᠭᠠᠷᠠᠭᠤᠯᠬᠤ ᠢ᠋ᠢ ᠵᠤᠷᠢᠵᠡᠢ ᠃ ᠪᠢ ᠠᠨᠭᠬ᠎ᠠ ᠡᠬᠢᠯᠡᠬᠦ ᠦᠶ᠎ᠠ ᠳ᠋ᠤ ᠺᠦᠩᠽᠢ ᠢ᠋ᠢᠨ ᠲᠤᠬᠠᠢ ᠤᠢᠯᠠᠭᠠᠯᠳᠡ ᠪᠡᠷ ᠲᠤᠳᠠᠮᠠᠭ ᠪᠠᠢᠭᠰᠠᠨ ᠶᠤᠮ ᠂ ᠲᠤᠰ ᠲᠦᠷᠢ ᠢ᠋ᠢ ᠪᠦᠳᠦᠭᠡᠬᠦ ᠢ᠋ᠢᠨ ᠲᠦᠯᠦᠬᠡ ᠨᠤᠮ ᠵᠤᠬᠢᠶᠠᠯ ᠤᠷᠪᠠᠭᠤᠯᠤᠨ ᠰᠤᠷᠤᠯᠴᠠᠵᠤ ᠦᠪᠡᠷ ᠢ᠋ ᠪᠡᠨ ᠪᠠᠶᠠᠯᠢᠭᠵᠢᠭᠤᠯᠤᠭᠰᠠᠨ ᠢ᠋ᠢᠡᠷ ᠪᠠᠷᠠᠬᠤ ᠦᠬᠡᠢ ᠲᠡᠬᠦᠨ ᠤ᠋ ᠲᠦᠬᠡᠮᠡᠯ ᠬᠠᠢᠷ᠎ᠠ ᠢ᠋ᠢᠨ ᠵᠤᠷᠢᠭ ᠰᠠᠨᠠᠭ᠎ᠠ ᠡᠴᠡ ᠲᠠᠭᠠᠨ ᠰᠤᠷᠤᠯᠴᠠᠵᠤ ᠪᠠᠢᠨ᠎ᠠ》ᠬᠡᠵᠤ ᠵᠦᠴᠦᠬᠡ ᠢ᠋ᠢᠨ ᠭᠤᠤᠯ ᠲᠦᠷᠢ ᠢ᠋ᠢ ᠲᠤᠭᠯᠠᠭᠰᠠᠨ ᠶᠠᠨᠭ᠌ ᠰᠸ ᠢᠤᠢ ᠬᠡᠯᠡᠨ᠎ᠠ ᠃《ᠪᠢᠳᠡ ᠦᠪᠤᠷ ᠮᠤᠨᠭᠭᠤᠯ ᠳ᠋ᠤ ᠤᠯᠠᠨ ᠤᠳᠠᠭ᠎ᠠ ᠢᠷᠡᠵᠤ ᠤᠯᠠᠨ ᠵᠤᠢᠯ ᠤ᠋ᠨ ᠲᠤᠭᠯᠠᠯᠳᠠ ᠭᠠᠷᠭᠠᠵᠤ ᠦᠨᠭᠬᠡᠷᠡᠵᠡᠢ ᠃ ᠡᠨᠳᠡᠬᠢ ᠢ᠋ᠢᠨ ᠬᠦᠮᠦᠰ ᠮᠠᠰᠢ ᠬᠠᠯᠠᠭᠤᠮᠰᠤᠭ ᠂ ᠬᠤᠨᠢᠨ ᠮᠢᠬ᠎ᠠ ᠨᠢ ᠴᠤ᠌ ᠨᠡᠷᠡᠳᠡᠢ ᠶᠤᠮ ᠃ ᠪᠢ ᠢᠷᠡᠨᠭᠬᠦᠳᠡ ᠪᠡᠨ ᠬᠠᠮᠤᠭ ᠤ᠋ᠨ ᠲᠦᠷᠦᠬᠦᠨ ᠳ᠋ᠤ ᠠᠮᠳᠠᠳᠤ ᠢᠳᠡᠭᠡᠨ ᠡᠴᠡ ᠨᠢ ᠠᠮᠳᠠᠯᠠᠵᠤ ᠦᠵᠡᠯ᠎ᠠ》ᠬᠡᠵᠤ ᠲᠤᠭᠯᠠᠭᠴᠢ ᠢᠤᠢ ᠢᠤᠢ ᠲᠤᠰ ᠬᠤᠭᠤᠴᠠᠭᠠᠨ ᠤ᠋ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠲᠦ᠍ ᠤᠷᠤᠯᠴᠠᠭᠰᠠᠨ ᠳ᠋ᠠᠭᠠᠨ ᠮᠠᠰᠢ ᠪᠠᠶᠠᠷᠳᠡᠢ ᠪᠠᠢᠯ᠎ᠠ ᠃

ᠪᠦᠬᠦ ᠵᠦᠴᠦᠬᠡ ᠢ᠋ᠢᠨ ᠶᠠᠪᠤᠴᠡ ᠳ᠋ᠤ ᠤᠨᠴᠠᠭᠠᠢ ᠲᠠᠢᠰᠠᠨ ᠤ᠋ ᠵᠠᠰᠠᠯ ᠂ ᠳ᠋ᠸᠩ ᠬᠡᠷᠡᠯᠳᠦᠬᠦᠯᠬᠡ ᠂ ᠪᠦᠵᠢᠭ ᠤ᠋ᠨ ᠬᠦᠳᠡᠯᠦᠯ ᠂ ᠲᠠᠭᠤᠤ ᠬᠦᠭᠵᠢᠮ ᠤ᠋ᠨ ᠬᠠᠪᠰᠤᠷᠤᠯᠭ᠎ᠠ ᠂ ᠬᠤᠪᠴᠠᠰᠤ ᠵᠠᠰᠠᠯ ᠵᠡᠷᠭᠡ ᠨᠢ ᠪᠦᠬᠦᠯᠢ ᠴᠤᠭᠴᠡ ᠪᠡᠷ ᠢ᠋ᠢᠡᠨ ᠠᠪᠴᠠᠯᠳᠤᠵᠤ ᠂ ᠨᠢᠬᠡ ᠶᠤᠰᠤᠨ ᠤ᠋ ᠤᠷᠠᠯᠢᠭ ᠤ᠋ᠨ ᠦᠪᠡᠳᠡᠭᠰᠢ ᠲᠠᠢᠯᠠᠯᠭ᠎ᠠ ᠪᠤᠯᠵᠡᠢ ᠃《ᠲᠤᠰ ᠵᠦᠴᠦᠬᠡ ᠵᠢ ᠮᠠᠰᠢ ᠶᠡᠬᠡ ᠬᠦᠴᠦ ᠤᠷᠤᠭᠤᠯᠵᠤ ᠪᠦᠳᠦᠭᠡᠭᠰᠡᠨ ᠨᠢ ᠢᠯᠡᠬᠡᠨ ᠃ ᠦᠨᠡᠬᠡᠷ ᠰᠡᠳᠬᠢᠯ ᠵᠢᠷᠤᠬᠡ ᠢ᠋ᠢ ᠠᠭᠤᠵᠢᠷᠠᠳᠡᠯ᠎ᠠ ᠲᠤᠭᠯᠠᠯ᠎ᠠ ᠂ ᠪᠤᠯᠳᠠᠭ ᠶᠤᠮ ᠪᠤᠯ ᠵᠠᠯᠭᠠᠭᠠᠳ ᠦᠵᠡᠭᠡᠳ ᠪᠠᠢᠮᠠᠷ ᠰᠠᠨᠠᠭᠳᠠᠨ᠎ᠠ ᠃ ᠰᠡᠳᠬᠢᠯ ᠰᠡᠷᠬᠦᠬᠡᠭᠰᠡᠨ ᠭᠤᠴᠦ ᠲᠤᠭᠯᠠᠯᠳᠡ ᠪᠤᠯᠤᠯ᠎ᠠ》 ᠬᠡᠵᠤ ᠬᠦᠬᠡᠬᠤᠳᠠ ᠵᠢᠨ ᠦᠵᠡᠭᠴᠢ ᠯᠢ ᠠᠪᠠᠬᠠᠢ ᠤᠷᠮᠠᠳᠠᠢ ᠶᠠᠷᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面