ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-09-01 10:37:40

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠲᠠᠯ᠎ᠠ ᠨᠣᠲᠣᠬ᠎ᠤᠨ ᠰᠣᠶᠣᠯ᠎ᠤᠨ ᠨᠠᠢᠷ ᠦᠨᠳᠦᠷᠯᠡᠪᠡ

8 ᠰᠠᠷ᠎ᠠ ᠵᠢᠨ 31 ᠤ᠋ ᠣᠷᠣᠢ ᠂ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠲᠡᠬᠦᠰᠬᠦ ᠶᠣᠰᠣᠯᠠᠯ ᠵᠢᠴᠢ ᠪᠦᠬᠦ ᠣᠷᠣᠨ ᠤ᠋ ᠠᠷᠪᠠᠨ ᠲᠠᠪᠣᠲᠣᠭᠠᠷ ᠬᠣᠭᠣᠴᠠᠭᠠᠨ ᠤ᠋ ᠣᠶᠣᠨ ᠤ᠋ ᠪᠣᠯᠪᠠᠰᠣᠨ ᠤ᠋ ᠪᠠᠢᠭᠣᠯᠣᠯᠲᠠ ᠵᠢᠨ《ᠲᠠᠪᠣᠨ ᠨᠢᠭᠡ ᠵᠢᠨ ᠢᠨᠵᠸᠨ᠋ᠸᠷᠢᠩ》 ᠤ᠋ᠨ ᠱᠠᠩᠨᠠᠯ ᠣᠯᠭᠣᠬᠣ ᠶᠣᠰᠣᠯᠠᠯ ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠡᠯᠡᠩ ᠤ᠋ᠨ ᠲᠠᠭᠣᠣ ᠬᠦᠭᠵᠢᠮ ᠤ᠋ᠨ ᠲᠢᠩᠬᠢᠮ ᠳ᠋ᠦ ᠶᠠᠪᠣᠬᠲᠠᠪᠠ᠃


jie4.png


8 ᠰᠠᠷ᠎ᠠ᠎ᠶ᠋ᠢᠨ 31 ᠤ᠋ ᠡᠳᠦᠷ᠂ ᠠᠷᠪᠠ ᠶᠢᠰᠦᠳᠦᠭᠡᠷ ᠬᠤᠭᠤᠴᠠᠭᠠᠨ᠎ᠤ ᠳᠤᠮᠳᠠᠳᠤ ᠤᠯᠤᠰ· ᠥᠪᠥᠷ ᠮᠣᠩᠭᠣᠯ᠎ᠤᠨ ᠲᠠᠯ᠎ᠠ ᠨᠤᠲᠤᠭ᠎ᠤᠨ ᠰᠣᠶᠣᠯ᠎ᠤᠨ ᠨᠠᠢᠷ᠎ᠤᠨ ᠲᠡᠭᠦᠰᠭᠦ ᠶᠣᠰᠣᠯᠠᠯ ᠵᠢᠴᠢ ᠪᠥᠬᠥ᠌ ᠣᠷᠣᠨ᠎ᠤ ᠠᠷᠪᠠᠨ ᠲᠠᠪᠤᠳᠤᠭᠠᠷ ᠬᠤᠭᠤᠴᠠᠭᠠᠨ᠎ᠤ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ 《ᠲᠠᠪᠤᠨ ᠨᠢᠭᠡ᠎ᠶ᠋ᠢᠨ ᠢᠨᠵᠧᠨᠧᠷᠢᠩ》 ᠤ᠋ᠨ ᠱᠠᠩᠨᠠᠯ ᠣᠯᠭᠣᠬᠤ ᠶᠣᠰᠣᠯᠠᠯ ᠥᠪᠥᠷ ᠮᠣᠩᠭᠣᠯ᠎ᠤᠨ ᠤᠷᠠᠯᠢᠭ ᠵᠦᠴᠦᠭᠡ᠎ᠶ᠋ᠢᠨ ᠬᠦᠷᠢᠶᠡᠯᠡᠩ᠎ᠳᠦ ᠶᠠᠪᠤᠭ᠍ᠳᠠᠪᠠ᠃ ᠲᠣᠰ ᠬᠤᠭᠤᠴᠠᠭᠠᠨ᠎ᠤ ᠲᠠᠯ᠎ᠠ ᠨᠤᠲᠤᠭ᠎ᠤᠨ ᠰᠣᠶᠣᠯ᠎ᠤᠨ ᠨᠠᠢᠷ᠎ᠨᠢ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠴᠠᠭ ᠦᠶ᠎ᠡ᠎ᠶ᠋ᠢᠨ ᠭᠤᠤᠯ ᠰᠡᠳᠦᠪ᠎ᠲᠦ ᠠᠩᠬᠠᠷᠤᠯ᠎ᠢᠶᠠᠨ ᠲᠥᠪᠯᠡᠷᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠤᠤᠯ ᠱᠢᠵᠢᠮ᠎ᠢ ᠲᠤᠭᠤᠰᠢᠯᠠᠭᠤᠯᠵᠤ᠂ 《 ᠤᠷᠠᠯᠢᠭ᠎ᠤᠨ ᠦᠪᠡᠳᠡᠭ᠌ᠰᠢ ᠴᠤᠭ᠍ᠯᠠᠭᠠᠨ᠂ ᠠᠷᠠᠳ ᠲᠦᠮᠡᠨ᠎ᠦ ᠨᠢᠵᠢᠬᠢᠷ ᠪᠠᠶᠠᠷ》 ᠭᠡᠬᠦ ᠰᠤᠶᠤᠯ᠎ᠤᠨ ᠨᠠᠢᠷ ᠡᠷᠭᠢᠯᠡᠬᠦ᠌ ᠵᠣᠷᠢᠯᠲᠠ᠎ᠶ᠋ᠢ ᠪᠠᠷᠢᠮᠲᠠᠯᠠᠵᠤ᠂ 33 ᠡᠳᠦᠷ ᠶᠠᠪᠤᠭ᠍ᠳᠠᠵᠤ᠂ ᠨᠡᠢᠲᠡ 6 ᠶᠡᠬᠡ ᠬᠡᠰᠡᠭ 24 ᠵᠦᠶ᠋ᠯ᠎ᠦᠨ ᠠᠵᠢᠯᠯᠠᠭ᠎ᠠ᠎ᠶ᠋ᠢ ᠲᠣᠬᠢᠷᠠᠭᠤᠯᠵᠤ᠂ ᠨᠡᠢᠲᠡ 38 ᠲᠠᠯᠠᠪᠠᠶ ᠲᠣᠭ᠍ᠯᠠᠯᠲᠠ ᠭᠠᠷᠭᠠᠵᠤ᠂ ᠲᠤᠬᠠᠶ᠎ᠶ᠋ᠢᠨ ᠲᠠᠯᠠᠪᠠᠶ᠎ᠳᠤ ᠲᠤᠭᠯᠠᠯᠲᠠ ᠰᠤᠨᠢᠷᠬᠠᠭᠰᠠᠨ ᠬᠥᠮᠦᠨ᠎ᠦ ᠲᠣᠭ᠎ᠠ᠎ᠨᠡᠢᠲᠡ 14000 ᠱᠢᠬᠠᠮ ᠬᠥᠮᠦᠨ ᠤᠳᠠᠭ᠎ᠠ᠎ᠳᠤ ᠬᠦᠷᠴᠡᠶ᠃ ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ


ᠦᠪᠡᠷᠲᠡᠭᠡᠨ ᠵᠠᠰᠠᠬᠣ ᠣᠷᠣᠨ ᠤ᠋ ᠲᠡᠳ᠋ ᠲᠡᠷᠢᠬᠦᠯᠡᠭᠴᠢ ᠴᠢ᠊ ᠪᠠᠲᠣ ᠲᠡᠬᠦᠰᠬᠦ ᠶᠣᠰᠣᠯᠠᠯ ᠵᠢᠴᠢ ᠱᠠᠩᠨᠠᠯ ᠣᠯᠭᠣᠬᠣ ᠶᠣᠰᠣᠯᠠᠯ ᠳ᠋ᠦ ᠣᠷᠣᠯᠴᠠᠵᠤ᠂ ᠡᠯ᠎ᠡ ᠦᠨᠳᠦᠰᠦᠲᠡᠨ ᠡᠯ᠎ᠡ ᠡᠲᠡᠭᠡᠳ᠎ᠤᠨ ᠣᠯᠠᠨ ᠲᠦᠮᠡᠨ ᠲᠠᠢ ᠬᠠᠮᠲᠣ ᠲᠣᠬᠯᠠᠯᠲᠠ ᠵᠢ ᠰᠤᠨᠢᠷᠬᠠᠪᠠ᠃ ᠲᠡᠬᠦᠰᠬᠦ ᠶᠣᠰᠣᠯᠠᠯ ᠤ᠋ᠨ ᠦᠳᠡᠰᠢᠯᠡᠬᠡ ᠨᠢ 《ᠦᠪᠦᠷ ᠮᠣᠩᠭᠣᠯ ᠤ᠋ᠨ ᠮᠠᠬᠲᠠᠭᠠᠯ ᠲᠠᠭᠣᠣ》 ᠪᠡᠷ ᠡᠬᠢᠯᠡᠯᠲᠡ ᠵᠢᠨ ᠬᠦᠰᠢᠭᠡ ᠪᠡᠨ ᠰᠡᠬᠦᠵᠦ᠂ ᠪᠦᠬᠦ ᠣᠷᠣᠨ ᠤ᠋ ᠠᠷᠪᠠᠨ ᠲᠠᠪᠣᠲᠣᠭᠠᠷ ᠬᠣᠭᠣᠴᠠᠭᠠᠨ ᠤ᠋ ᠣᠶᠣᠨ ᠤ᠋ ᠪᠣᠯᠪᠠᠰᠣᠨ ᠤ᠋ ᠪᠠᠢᠭᠣᠯᠣᠯᠲᠠ ᠵᠢᠨ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠱᠠᠩᠨᠠᠯ ᠬᠦᠷᠲᠡᠭᠰᠡᠨ ᠲᠣᠬᠯᠠᠯᠲᠠ ᠪᠣᠯᠬᠣ 《ᠴᠠᠭᠠᠨ ᠬᠡᠷᠡᠮ ᠤ᠋ᠨ ᠣᠩᠰᠢᠭᠣ》 ᠪᠤᠯᠤᠨ ᠲᠣᠰ ᠬᠣᠭᠣᠴᠠᠭᠠᠨ ᠤ᠋ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠡᠴᠡ ᠰᠢᠯᠢᠵᠦ ᠰᠣᠩᠭᠣᠬᠰᠠᠨ ᠰᠢᠯᠢᠲᠡᠭ ᠲᠣᠬᠯᠠᠯᠲᠠ ᠪᠣᠯᠬᠣ ᠱᠠᠨ ᠰᠢ ᠵᠦᠴᠦᠭᠡ 《ᠦ᠋ ᠬᠠᠨ ᠳ᠋ᠢᠩ》 ᠵᠡᠷᠭᠡ ᠵᠢ ᠲᠣᠬᠯᠠᠨ ᠦᠵᠡᠬᠦᠯᠵᠦ᠂ 《ᠮᠠᠯᠴᠢᠨ ᠲᠦᠮᠡᠨ ᠡᠪ ᠬᠠᠮᠳᠤ ᠨᠠᠮ ᠶ᠋ᠢᠡᠨ ᠮᠠᠬᠲᠠᠨ ᠲᠠᠭᠣᠯᠠᠨ᠎ᠠ》 ᠭᠡᠬᠦ ᠲᠠᠭᠣᠣ ᠪᠡᠷ ᠦᠨᠳᠦᠰᠦᠲᠡᠨ ᠨᠤᠬᠦᠳ ᠤ᠋ᠨ ᠠᠷᠠᠳ ᠲᠦᠮᠡᠨ ᠤ᠋ ᠬᠠᠯᠠᠭᠣᠨ ᠵᠢᠷᠦᠭᠡᠨ ᠤ᠋ ᠬᠠᠢᠷ᠎ᠠ ᠵᠢᠨ ᠣᠶᠠᠩᠭ᠎ᠠ ᠵᠢ ᠬᠠᠩᠬᠢᠨᠠᠭᠣᠯᠵᠦ᠂《ᠣᠷᠢᠬᠠᠨ ᠰᠠᠯᠬᠢ ᠢᠯᠪᠢᠬᠦᠶ᠎ᠠ ᠦᠩᠭᠡ ᠵᠢᠨ ᠴᠡᠴᠡᠭᠡᠰ ᠮᠢᠷᠠᠯᠵᠠᠨ ᠲᠡᠯᠭᠡᠷᠡᠨᠡᠮ》 ᠠᠶ᠎ᠠ ᠲᠠᠭᠣᠣ ᠵᠢᠨ ᠲᠣᠮᠲᠠ ᠦᠨᠳᠦᠷᠯᠡᠭᠰᠨᠨ ᠪᠠᠢᠨ᠎ᠠ᠃

ᠲᠡᠬᠦᠰᠬᠦ ᠶᠣᠰᠣᠯᠠᠯ ᠲᠡᠭᠡᠷ᠎ᠡ᠂ ᠣᠢᠷ᠎ᠠ ᠵᠢᠨ ᠵᠢᠯ ᠡᠴᠡ ᠨᠠᠭᠠᠰᠢᠬᠢ ᠮᠠᠨ ᠤ᠋ ᠣᠷᠣᠨ ᠤ᠋ ᠰᠣᠷᠲᠠᠯ ᠣᠬᠠᠭᠣᠯᠭ᠎ᠠ ᠦᠵᠡᠯ ᠰᠠᠨᠠᠭ᠎ᠠ ᠰᠣᠶᠣᠯ ᠤ᠋ᠨ ᠹᠷᠣᠨᠲ ᠡᠴᠡ ᠴᠤᠯᠭᠤᠷᠠᠭᠰᠠᠨ ᠶᠡᠷᠦᠩᠬᠡᠢ ᠱᠦᠵᠢ ᠰᠢ ᠵᠢᠨ ᠫᠢᠩ ᠤ᠋ᠨ ᠰᠢᠨ᠎ᠡ ᠴᠠᠬ ᠦᠶ᠎ᠡ ᠵᠢᠨ ᠲᠣᠮᠲᠠᠲᠣ ᠣᠯᠣᠰ ᠤ᠋ᠨ ᠣᠨᠴᠠᠯᠢᠬ ᠲᠠᠢ ᠨᠡᠢᠭᠡᠮ ᠵᠢᠷᠣᠮ ᠤ᠋ᠨ ᠦᠵᠡᠯ ᠰᠠᠨᠠᠭ᠎ᠠ ᠪᠡᠷ ᠵᠢᠯᠣᠭᠣᠲᠣᠯᠭ᠎ᠠ ᠪᠣᠯᠭᠠᠵᠦ᠂ ᠲᠣᠬ ᠲᠡᠮᠲᠡᠭ ᠲᠣᠲᠣᠷᠬᠠᠢ᠂ ᠰᠢᠨ᠎ᠡ ᠬᠦᠮᠦᠨ ᠢ᠋ ᠬᠦᠮᠦᠵᠢᠬᠦᠯᠣᠨ᠂ ᠰᠣᠶᠣᠯ ᠢ᠋ ᠮᠠᠨᠲᠣᠭᠣᠯᠵᠦ᠂ ᠲᠦᠷᠢ ᠲᠦᠷᠬᠦ ᠵᠢ ᠱᠣᠭᠣᠵᠦ᠂ ᠲᠣᠮᠲᠠᠲᠣ ᠵᠢᠨ ᠦᠨᠳᠦᠰᠦᠲᠡᠨ ᠤ᠋ ᠬᠠᠮᠲᠣ ᠵᠢᠨ ᠴᠣᠬᠴᠠ ᠵᠢᠨ ᠣᠬᠠᠮᠰᠠᠷ ᠢ᠋ ᠪᠠᠲᠣ ᠴᠣᠬᠴᠠᠯᠠᠬᠰᠠᠨ ᠰᠢᠯᠢᠲᠡᠭ ᠪᠦᠲᠦᠭᠡᠯ ᠤ᠋ᠤᠨ ᠲᠦ᠍ ᠱᠠᠩᠨᠠᠯ ᠣᠯᠭᠣᠪᠠ᠃ 《ᠮᠣᠷᠢᠲᠣ ᠴᠡᠷᠢᠭ》 ᠪᠠ 《ᠦ᠋ ᠬᠠᠨ ᠳ᠋ᠢᠩ》 ᠵᠡᠷᠭᠡ 11 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠰᠢ ᠵᠦᠴᠦᠭᠡ ᠵᠢᠨ ᠱᠠᠩᠨᠠᠯ᠂ 《ᠲᠣᠮᠲᠠᠲᠣ ᠵᠢᠨ ᠡᠮᠴᠢ》 ᠪᠠ 《ᠬᠠᠢᠷ᠎ᠠ ᠵᠢᠨ ᠲᠠᠭᠣᠣ》 ᠵᠡᠷᠭᠡ 6 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠺᠢᠨᠣ᠋ ᠵᠢᠨ ᠱᠠᠩᠨᠠᠯ᠂ 《ᠣᠯᠣᠰ ᠤ᠋ᠨ ᠬᠡᠦᠬᠡᠳ》 ᠪᠠ 《ᠦᠪᠦᠷ ᠮᠣᠩᠭᠣᠯ ᠤ᠋ᠨ ᠮᠣᠷᠢᠲᠣ ᠴᠡᠷᠢᠭ》 ᠵᠡᠷᠭᠡ 11 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠲᠸᠯᠸᠢᠰ ᠵᠦᠴᠦᠭᠡ ᠵᠢᠨ ᠱᠠᠩᠨᠠᠯ᠂ 《ᠡᠵᠢ》 ᠵᠡᠷᠭᠡ 8 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠷᠠᠳᠢᠣ᠋ ᠵᠦᠴᠦᠭᠡ ᠵᠢᠨ ᠱᠠᠩᠨᠠᠯ᠂ 《ᠲᠦᠬᠦᠢᠮ᠎ᠡ ᠡᠵᠢ》 ᠵᠡᠷᠭᠡ 13 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠲᠠᠭᠣᠣ ᠬᠦᠭᠵᠢᠮ ᠤ᠋ᠨ ᠱᠠᠩᠨᠠᠯ᠂ 《ᠲᠠᠯ᠎ᠠ ᠨᠣᠲᠣᠬ ᠤ᠋ᠨ ᠲᠡᠮᠦᠷ ᠬᠡᠦᠬᠡᠨᠴᠣᠳ》 ᠵᠡᠷᠭᠡ 10 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠪᠦᠵᠢᠭ ᠤ᠋ᠨ ᠱᠠᠩᠨᠠᠯ᠂ 《ᠶᠣᠸᠠᠨ ᠯᠦᠩ ᠫᠢᠩ ᠬᠢᠭᠡᠳ ᠬᠢᠩᠭᠠᠨ ᠲᠣᠲᠣᠷᠭ᠎ᠠ》 ᠪᠠ 《ᠴᠠᠭᠠᠨ ᠠᠯᠴᠢᠭᠣᠷ》 ᠵᠡᠷᠭᠡ 17 ᠪᠦᠲᠦᠭᠡᠯ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠨᠣᠮ ᠪᠢᠴᠢᠭ ᠤ᠋ᠨ ᠱᠠᠩᠨᠠᠯ ᠬᠦᠷᠲᠡᠵᠦ᠂ ᠪᠣᠭᠣᠲᠣ ᠬᠣᠲᠠ ᠵᠢᠨ ᠨᠠᠮ ᠤ᠋ᠨ ᠬᠤᠷᠢᠶᠠᠨ ᠤ᠋ ᠣᠬᠠᠭᠣᠯᠬᠣ ᠬᠡᠯᠲᠡᠰ᠂ ᠬᠦᠬᠡᠬᠣᠲᠠ ᠵᠢᠨ ᠨᠠᠮ ᠤ᠋ᠨ ᠬᠤᠷᠢᠶᠠᠨ ᠤ᠋ ᠣᠬᠠᠭᠣᠯᠬᠣ ᠬᠡᠯᠲᠡᠰ᠂ ᠣᠷᠲᠣᠰ ᠬᠣᠲᠠ ᠵᠢᠨ ᠨᠠᠮ ᠤ᠋ᠨ ᠬᠤᠷᠢᠶᠠᠨ ᠤ᠋ ᠣᠬᠠᠭᠣᠯᠬᠣ ᠬᠡᠯᠲᠡᠰ ᠵᠡᠷᠭᠡ 3 ᠨᠢᠭᠡᠴᠢ 《ᠵᠣᠬᠢᠶᠠᠨ ᠪᠠᠢᠭᠣᠯᠣᠬᠰᠠᠨ ᠠᠵᠢᠯ ᠤ᠋ᠨ ᠱᠠᠩᠨᠠᠯ》 ᠬᠦᠷᠲᠡᠵᠠᠢ ᠃

ᠲᠣᠰ ᠬᠣᠭᠣᠴᠠᠭᠠᠨ ᠤ᠋ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠨᠢ ᠲᠣᠮᠲᠠᠲᠣ ᠵᠢᠨ ᠰᠣᠶᠣᠯ ᠤ᠋ᠨ ᠲᠡᠮᠲᠡᠭ ᠪᠣᠯᠣᠨ ᠲᠣᠮᠲᠠᠲᠣ ᠵᠢᠨ ᠦᠨᠳᠦᠰᠦᠲᠡᠨ ᠤ᠋ ᠲᠦᠷᠢ ᠲᠦᠷᠬᠦ ᠵᠢ ᠱᠣᠭᠣᠵᠦ᠂ ᠲᠣᠮᠲᠠᠲᠣ ᠵᠢᠨ ᠦᠨᠳᠦᠰᠦᠲᠡᠨ ᠤ᠋ ᠬᠠᠮᠲᠣ ᠵᠢᠨ ᠣᠶᠣᠨ ᠰᠠᠨᠠᠭᠠᠨ ᠤ᠋ ᠭᠡᠷ ᠣᠷᠣᠨ ᠢ᠋ ᠴᠤᠭᠴᠠᠯᠠᠬᠤ ᠵᠢ ᠠᠬᠢᠭᠣᠯᠵᠦ᠂ ᠲᠣᠮᠲᠠᠲᠣ ᠵᠢᠨ ᠦᠨᠳᠦᠰᠦᠲᠡᠨ ᠤ᠋ ᠬᠠᠮᠲᠣ ᠵᠢᠨ ᠴᠣᠬᠴᠠ ᠵᠢᠨ ᠣᠬᠠᠮᠰᠠᠷ ᠢ᠋ ᠪᠠᠲᠣ ᠴᠣᠬᠴᠠᠯᠠᠬᠣ ᠪᠡᠷ ᠵᠣᠷᠢᠯᠲᠠ ᠪᠣᠯᠭᠠᠨ᠂ ᠰᠠᠷ᠎ᠠ ᠭᠠᠷᠣᠢ ᠵᠢᠨ ᠬᠣᠭᠣᠴᠠᠭᠠᠨ ᠳ᠋ᠦ 6 ᠶᠡᠬᠡ ᠬᠡᠰᠡᠭ ᠤ᠋ᠨ 24 ᠵᠦᠢᠯ ᠤ᠋ᠨ ᠠᠵᠢᠯᠯᠠᠭ᠎ᠠ ᠵᠢ 38 ᠲᠠᠯᠠᠪᠠᠢ ᠲᠣᠬᠯᠠᠯᠲᠠ ᠪᠡᠷ ᠲᠠᠮᠵᠢᠨ ᠤᠯᠠᠨ ᠳ᠋ᠤ ᠦᠵᠡᠬᠦᠯᠵᠦ᠂ ᠠᠬᠣᠢ ᠲᠠᠯᠠᠪᠠᠢ ᠳ᠋ᠦ ᠲᠤᠭᠯᠠᠯᠳᠠ ᠵᠢ ᠦᠵᠡᠭᠰᠨᠨ ᠬᠦᠮᠦᠨ 1.4 ᠲᠦᠮᠡᠨ ᠬᠦᠮᠦᠨ ᠣᠲᠠᠭ᠎ᠠ ᠳ᠋ᠦ ᠬᠦᠷᠴᠦ᠂ ᠣᠶᠠᠩᠭ᠎ᠠ ᠲᠠᠭᠣᠣ᠂ ᠣᠲᠠᠰᠣᠲᠣ ᠬᠣᠭᠣᠷ᠂ ᠣᠷᠠᠨ ᠪᠢᠴᠢᠯᠭᠡ᠂ ᠭᠡᠷᠡᠯ ᠵᠢᠷᠣᠬ᠂ ᠰᠢ ᠵᠦᠴᠦᠭᠡ ᠵᠡᠷᠭᠡ ᠣᠷᠠᠯᠢᠬ ᠤ᠋ᠨ ᠣᠯᠠᠨ ᠲᠦᠷᠦᠯ ᠬᠡᠯᠪᠡᠷᠢ ᠪᠡᠷ ᠰᠢᠨ᠎ᠡ ᠴᠠᠬ ᠦᠶ᠎ᠡ ᠵᠢᠨ ᠭᠣᠣᠯ ᠬᠦᠭ ᠠᠶᠠᠰ ᠢ᠋ ᠴᠢᠪᠬᠠᠲᠠᠨ᠂ ᠣᠳᠬ᠎ᠠ ᠣᠷᠠᠯᠢᠬ ᠣᠯᠠᠨ ᠲᠦᠮᠡᠨ ᠳ᠋ᠦ ᠦᠢᠯᠡᠴᠢᠯᠡᠬᠦ᠂ ᠰᠣᠶᠣᠯ ᠶ᠋ᠢᠡᠷ ᠠᠷᠠᠳ ᠲᠦ᠍ ᠠᠰᠢᠬ ᠬᠦᠷᠲᠡᠭᠡᠬᠦ ᠵᠢ ᠦᠢᠯᠡᠲᠦᠯᠭᠡᠵᠢᠬᠦᠯᠦᠭᠰᠡᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面