ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-09-01 10:31:22

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

8 ᠰᠠᠷ᠎ᠠ ᠶ᠋ᠢᠨ 31 ᠤ᠋ ᠤᠷᠤᠢ ᠂ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠲᠡᠬᠦᠰ ᠠᠮᠵᠢᠯᠳᠠ ᠲᠠᠢ ᠥᠨᠳᠥᠷᠯᠡᠪᠡ᠃ 1 ᠰᠠᠷ᠎ᠠ ᠶ᠋ᠢᠨ ᠬᠤᠭᠤᠴᠠᠭᠠᠨ ᠳ᠋ᠤ ᠂ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠥᠪᠥᠷ ᠮᠣᠩᠭᠣᠯ ᠤ᠋ᠨ ᠰᠣᠩᠭᠣᠳᠠᠭ ᠳᠠᠭᠤᠤ ᠶ᠋ᠢᠨ ᠦᠳᠡᠱᠢᠯᠡᠭᠡ᠂ ᠣᠨᠴᠠ ᠤᠷᠢᠭ᠍ᠰᠠᠨ ᠪᠦᠲᠦᠭᠡᠯ ᠤ᠋ᠨ ᠦᠵᠡᠭᠦᠯᠭᠡ ᠵᠢᠨ ᠲᠤᠭᠯᠠᠯᠳᠠ᠂ ᠱᠢᠯᠢᠳᠡᠭ ᠵᠦᠴᠦᠭᠡ (ᠲᠤᠭᠯᠠᠯᠳᠠ) ᠶ᠋ᠢᠨ ᠦᠵᠡᠭᠦᠯᠭᠡ᠂ ᠳᠠᠭᠤᠤ ᠬᠥᠭ᠌ᠵᠢᠮ ᠤ᠋ᠨ ᠲᠤᠰᠭᠠᠢ ᠰᠡᠳᠦᠪᠲᠦ ᠦᠵᠡᠭᠦᠯᠭᠡ ᠵᠢᠨ ᠲᠤᠭᠯᠠᠯᠳᠠ᠂ ᠰᠣᠶᠣᠯ ᠤᠷᠠᠯᠢᠭ ᠤ᠋ᠨ ᠦᠵᠡᠭᠦᠯᠭᠡ ᠵᠢᠨ ᠲᠤᠭᠯᠠᠯᠳᠠ ᠵᠡᠷᠭᠡ 24 ᠠᠵᠢᠯᠯᠠᠭ᠎ᠠ ᠨᠢ ᠤᠯᠠᠨ ᠲᠦᠮᠡᠨ ᠳ᠋ᠤ ᠪᠠᠶᠠᠯᠢᠭ ᠠᠭᠤᠯᠭ᠎ᠠ᠂ ᠦᠪᠡᠷᠮᠢᠴᠡ ᠤᠨᠴᠠᠯᠢᠭ ᠲᠠᠢ ᠰᠣᠶᠣᠯ ᠤ᠋ᠨ ᠦᠪᠡᠳᠡᠭ᠌ᠰᠢ ᠳᠠᠢᠯᠠᠯᠭ᠎ᠠ ᠬᠦᠷᠳᠡᠭᠡᠵᠦ᠂ ᠭᠦᠨ ᠵᠤᠵᠠᠭᠠᠨ ᠳᠤᠮᠳᠠᠳᠤ ᠶ᠋ᠢᠨ ᠰᠣᠶᠣᠯ ᠤᠷᠠᠯᠢᠭ ᠤ᠋ᠨ ᠠᠭᠤᠷ ᠠᠮᠢᠰᠭᠤᠯ ᠢ᠋ ᠪᠤᠢ ᠪᠣᠯᠭᠠᠨ᠂ ᠦᠨᠳᠦᠰᠦᠲᠡᠨ ᠨᠤᠭᠦᠳ ᠤ᠋ᠨ ᠤᠯᠠᠨ ᠲᠦᠮᠡᠨ ᠳ᠋ᠤ ᠳᠤᠮᠳᠠᠳᠤ ᠶ᠋ᠢᠨ ᠦᠨᠳᠦᠰᠦᠲᠡᠨ ᠤ᠋ ᠥᠨᠢ ᠤᠳᠠᠭᠠᠨ ᠭᠡᠷᠡᠯ ᠰᠠᠴᠤᠷᠠᠩᠭᠤᠢ ᠰᠣᠶᠣᠯ ᠤ᠋ᠨ ᠰᠢᠮ᠎ᠡ ᠵᠢ ᠡᠳ᠋ᠯᠡᠭᠦᠯᠦᠭᠰᠡᠨ ᠪᠠᠢᠨ᠎ᠠ ᠃


QQ截图20220901103423.png

QQ截图20220901103435.png

QQ截图20220901103603.png

QQ截图20220901103701.png

QQ截图20220901103712.png

微信截图_20220901103723.png

QQ截图20220901103755.png

QQ截图20220901103816.png



① 《ᠦᠵᠡᠰᠭᠦᠯᠡᠩᠲᠦ ᠰᠠᠢᠬᠠᠨ ᠤᠷᠤᠨ ᠦᠵᠡᠮᠵᠢ ᠪᠦᠷᠢᠳᠦᠭᠰᠡᠨ ᠨᠤᠲᠤᠭ》 ᠭᠡᠷᠡᠯ ᠵᠢᠷᠤᠭ᠎ᠤᠨ ᠦᠵᠡᠭᠦᠯᠭᠡ ᠵᠢ ᠲᠣᠭᠣᠷᠢᠨ ᠦᠵᠡᠨ᠎ᠡ

② 《ᠦᠵᠡᠰᠭᠦᠯᠡᠩᠲᠦ ᠰᠠᠢᠬᠠᠨ ᠳᠤᠮᠳᠠᠳᠤ ᠤᠯᠤᠰ ·ᠥᠪᠥᠷ ᠮᠣᠩᠭᠣᠯ᠎ᠤᠨ ᠳᠦᠷᠢ ᠲᠥᠷᠬᠦ᠌》 ᠭᠣᠣᠯ ᠰᠡᠳᠦᠪᠲᠦ ᠤᠷᠠᠨ ᠵᠢᠷᠤᠭ ᠎ᠤᠨ ᠦᠵᠡᠭᠦᠯᠭᠡ ᠵᠢ ᠰᠤᠨᠢᠷᠬᠠᠨ᠎ᠠ

③ ᠲᠠᠬᠥᠰᠬᠥ ᠶᠤᠰᠤᠯᠠᠯ ᠎ᠤᠨ ᠥᠳᠡᠰᠢᠯᠡᠭᠡ ᠵᠢᠨ ᠲᠤᠬᠯᠠᠯᠳᠠ 《ᠬᠤᠨᠳᠠᠭᠠᠨ ᠪᠥᠵᠢᠭ》

④ 《ᠮᠥᠩᠬᠡ᠎ᠶ᠋ᠢᠨ ᠠᠢᠵᠠᠮ 》 ᠨᠠᠢᠷᠠᠯ ᠲᠠᠭᠤᠤ ᠬᠥᠭ᠌ᠵᠢᠮ ᠎ᠦᠨ ᠦᠳᠡᠱᠢᠯᠡᠭᠡ

⑤ᠳᠤᠮᠳᠠᠳᠤ᠎ᠶ᠋ᠢᠨ ᠰᠢ ᠲᠠᠭᠤᠷᠢᠯᠢᠭ ᠎ᠤᠨ ᠨᠡᠷᠡᠲᠦ ᠤᠷᠠᠯᠢᠭᠴᠢᠳ ᠎ᠦᠨ ᠰᠤᠨᠭᠭᠤᠳᠠᠭ ᠪᠠᠳᠠᠭ ᠎ᠤᠨ ᠲᠤᠭᠯᠠᠯᠲᠠ

⑥ ᠮᠤᠷᠢᠨ ᠬᠤᠭᠤᠷ ᠎ᠤᠨ ᠲᠤᠰᠬᠠᠢ ᠲᠠᠯᠠᠪᠠᠢ ᠲᠤᠭᠯᠠᠯᠲᠠ

⑦ ᠼᠢᠷᠺ ᠵᠦᠴᠦᠭᠡ 《ᠮᠠᠨ ᠎ᠤ ᠰᠠᠢᠨ ᠰᠠᠢᠬᠠᠨ ᠠᠮᠢᠳᠤᠷᠠᠯ》

⑧ ᠪᠦᠵᠢᠭᠲᠦ ᠵᠦᠴᠦᠭᠡ《ᠮᠤᠷᠢᠳᠤ ᠴᠡᠷᠢᠭ》

⑨ ᠱᠠᠨ ᠰᠢ ᠵᠦᠴᠦᠭᠡ 《ᠡᠦ ᠬᠠᠨ᠎ᠳ᠋ᠢᠨᠭ 》

⑩ ᠲᠠᠬᠥᠰᠬᠥ ᠶᠤᠰᠤᠯᠠᠯ ᠎ᠤᠨ ᠥᠳᠡᠰᠢᠯᠡᠭᠡ ᠵᠢᠨ ᠲᠤᠬᠯᠠᠯᠳᠠ 《ᠮᠠᠯᠴᠢᠨ ᠲᠥᠮᠡᠨ ᠡᠪ ᠬᠠᠮᠳᠤ ᠨᠠᠮ ᠵᠢᠠᠨ ᠮᠠᠬᠳᠠᠨ ᠲᠠᠭᠤᠯᠠᠨ᠎ᠠ》


ᠡᠬᠢᠯᠡᠯᠲᠡ ᠶ᠋ᠢᠨ ᠶᠣᠰᠣᠯᠠᠯ ᠳᠡᠭᠡᠷᠡᠬᠢ 《ᠳᠠᠯ᠎ᠠ ᠨᠤᠲᠤᠭ ᠤ᠋ᠨ ᠦᠷᠯᠦᠭᠡ ᠵᠢᠨ ᠤᠶᠠᠩᠭ᠎ᠠ》 ᠂ 《ᠤᠪᠤᠭᠠᠨ ᠳ᠋ᠡᠬᠢ ᠠᠭᠤᠯᠵᠠᠯᠳᠠ 》 ᠂ 《 ᠬᠤᠨ ᠭᠠᠯᠠᠭᠤ 》 ᠵᠡᠷᠭᠡ ᠤᠯᠤᠰ ᠲᠠᠶᠠᠭᠠᠷ ᠦᠷᠭᠡᠨ ᠳᠡᠯᠭᠡᠷᠡᠭᠰᠡᠨ ᠳᠠᠭᠤᠤ ᠨᠢ ᠦᠵᠡᠭ᠌ᠴᠢᠳ ᠲᠦ᠍ ᠰᠣᠩᠭᠣᠳᠠᠭ ᠪᠦᠲᠦᠭᠡᠯ ᠤ᠋ᠨ ᠷᠢᠳᠢ ᠱᠢᠳᠢ ᠶ᠋ᠢ ᠳᠠᠬᠢᠨᠲᠠ ᠮᠡᠳᠡᠷᠡᠭᠦᠯᠪᠡ ᠃ ᠡᠷᠡᠭᠳᠠᠢ ᠵᠢᠨ ᠨᠠᠢᠷᠠᠯ ᠲᠠᠭᠤᠤ ᠵᠢᠨ ᠦᠳᠡᠰᠢᠯᠡᠬᠡ《ᠵᠠᠮᠴᠢᠯᠠᠭ᠍ᠴᠢ·ᠭᠡᠷᠡᠯ ᠰᠠᠴᠤᠷᠠᠩᠭᠤᠢ ᠵᠠᠭᠤᠨ ᠵᠢᠯ》᠂ ᠲᠠᠭᠤᠤ ᠬᠦᠭᠵᠢᠮ ᠤ᠋ᠨ ᠲᠤᠤᠯᠢᠰ 《ᠲᠤᠷᠤᠨ᠎ᠠ ᠵᠦᠭ ᠲᠤᠶᠠᠭᠠᠷᠠᠯ᠎ᠠ 》᠂《ᠲᠤᠮᠳᠠᠳᠤ ᠵᠢᠨ ᠰᠢ ᠲᠠᠭᠤᠷᠢᠯᠢᠭ ᠤ᠋ᠨ ᠨᠠᠷᠠᠳᠤ ᠤᠷᠠᠯᠢᠭᠴᠢᠨ ᠤ᠋ ᠰᠤᠩᠭᠤᠳᠠᠭ ᠪᠠᠳᠠᠭ ᠤ᠋ᠨ ᠲᠤᠭᠯᠠᠯᠳᠠ》᠂ ᠶᠸᠯᠸᠢ 《ᠪᠢ ᠬᠡᠨ ᠪᠣᠢ》 ᠵᠡᠷᠬᠡ ᠲᠤᠭᠯᠠᠯᠳᠠ ᠪᠤᠯᠤᠨ ᠦᠪᠤᠷ ᠮᠤᠩᠭᠤᠯ ᠤ᠋ᠨ ᠥᠩᠭᠡ ᠦᠵᠡᠮᠵᠢ ᠵᠢᠨ ᠬᠡᠷᠡᠯ ᠵᠢᠷᠤᠭ ᠤ᠋ᠨ ᠦᠵᠡᠬᠦᠯᠬᠡ᠂ ᠬᠤᠨᠭᠱᠠᠨ·ᠯᠢᠶᠠᠩᠵᠦ᠍ ᠢ᠋ᠢᠨ ᠰᠣᠶᠣᠯ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠰᠣᠳᠣᠨ ᠪᠦᠲᠦᠭᠡᠯ ᠤ᠋ᠨ ᠦᠵᠡᠰᠬᠦᠯᠡᠡᠭ ᠮᠡᠳᠤ ᠵᠢᠨ ᠣᠯᠠᠨ ᠶᠠᠩᠵᠤ ᠂ ᠱᠢᠨ᠎ᠡ ᠰᠣᠷᠭᠣᠭ ᠰᠣᠶᠣᠯ ᠤᠷᠠᠯᠢᠭ ᠤ᠋ᠨ ᠲᠤᠭᠯᠠᠯᠳᠠ ᠦᠵᠡᠰᠭᠦᠯᠡᠩ ᠨᠤᠬᠦᠳ ᠨᠢ ᠦᠵᠡᠭ᠌ᠴᠢᠳ ᠲᠦ᠍ ᠭᠦᠨ ᠭᠦᠨᠵᠡᠭᠡᠶ ᠰᠣᠶᠣᠯ ᠤ᠋ᠨ ᠤᠳᠬ᠎ᠠ ᠠᠭᠤᠯᠤᠭᠳᠠᠬᠤᠨ ᠢ᠋ ᠮᠡᠳᠡᠷᠡᠬᠦᠯᠦᠭᠰᠡᠨ ᠪᠢᠯᠡ᠃

ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠪᠣᠯ ᠥᠪᠥᠷ ᠮᠣᠩᠭᠣᠯ ᠤ᠋ᠨ ᠦᠨᠳᠦᠰᠦᠲᠡᠨ ᠨᠤᠭᠦᠳ ᠤ᠋ᠨ ᠠᠷᠠᠳ ᠲᠦᠮᠡᠨ ᠤ᠋ ᠰᠣᠶᠣᠯ ᠤ᠋ᠨ ᠦᠪᠡᠳᠡᠭ᠌ᠰᠢ ᠴᠤᠭ᠍ᠯᠠᠭᠠᠨ ᠪᠣᠯᠬᠤ ᠪᠥᠭᠡᠳ ᠮᠦᠨ ᠴᠦ᠍ ᠰᠣᠶᠣᠯ ᠤ᠋ᠨ ᠰᠣᠯᠢᠯᠴᠠᠭᠠᠨ ᠤ᠋ ᠴᠢᠬᠤᠯᠠ ᠲᠠᠪᠴᠠᠩ ᠪᠣᠯᠤᠨ᠎ᠠ᠃ ᠬᠠᠷᠢᠯᠴᠠᠨ ᠰᠣᠯᠢᠯᠴᠠᠵᠤ ᠬᠠᠷᠢᠯᠴᠠᠨ ᠲᠣᠯᠢᠯᠠᠬᠤ ᠶ᠋ᠢ ᠠᠬᠢᠭᠤᠯᠵᠤ᠂ ᠰᠣᠶᠣᠯ ᠢ᠋ ᠬᠠᠮᠲᠤ ᠪᠠᠷ ᠡᠳ᠋ᠯᠡᠬᠦ᠌ ᠶ᠋ᠢ ᠠᠬᠢᠭᠤᠯᠬᠤ ᠪᠣᠯ ᠲᠤᠰ ᠬᠤᠭᠤᠴᠠᠭᠠᠨ ᠤ᠋ ᠰᠣᠶᠣᠯ ᠤ᠋ᠨ ᠨᠠᠢᠷ ᠤ᠋ᠨ ᠨᠢᠭᠡ ᠶᠡᠬᠡ ᠬᠢᠯᠠᠰ ᠴᠡᠭ ᠪᠠᠢᠵᠤ᠂ 24 ᠲᠤᠭᠯᠠᠯᠳᠠ ᠵᠢᠨ ᠳᠤᠳᠤᠷᠠᠬᠢ 7 ᠲᠤᠭᠯᠠᠯᠳᠠ ᠨᠢ ᠣᠷᠣᠨ ᠤ᠋ ᠭᠠᠳᠠᠨ᠎ᠠ ᠡᠴᠡ ᠤᠷᠢᠭᠰᠠᠨ ᠰᠣᠯᠢᠯᠴᠠᠭᠠᠨ ᠤ᠋ ᠲᠣᠭ᠍ᠯᠠᠯᠲᠠ ᠪᠤᠯᠬᠤ ᠶᠤᠮ᠃ ᠡᠭᠦᠨ ᠳ᠋ᠤ ᠂ ᠮᠢᠩᠭᠠᠨ ᠭᠠᠵᠠᠷ ᠤ᠋ᠨ ᠠᠭᠤᠯᠠ ᠤᠰᠤ ᠵᠢ ᠲᠦᠮᠡᠨ ᠤᠨ ᠤ᠋ ᠭᠠᠢᠬᠠᠮᠰᠢᠭᠳᠦ ᠠᠶᠠᠯᠭᠤ ᠪᠤᠯᠭᠠᠨ ᠬᠦᠭᠵᠢᠮ ᠤ᠋ᠨ ᠬᠡᠯᠡ ᠪᠡᠷ ᠴᠢᠪᠬᠠᠳᠠᠭᠰᠠᠨ《ᠮᠢᠩᠭᠠᠨ ᠭᠠᠵᠠᠷ ᠤ᠋ᠨ ᠠᠭᠤᠯᠠ ᠤᠰᠤ》ᠨᠠᠢᠷᠠᠯ ᠬᠦᠭᠵᠢᠮ ᠤ᠋ᠨ ᠡᠬᠡᠰᠢᠭᠳᠦ ᠰᠢᠯᠦᠭ ᠤ᠋ᠨ ᠲᠤᠭᠯᠠᠯᠳᠠ᠂ ᠪᠦᠵᠢᠭᠳᠦ ᠵᠦᠴᠦᠭᠡ《ᠺᠦᠩᠽᠢ》 ᠨᠢ ᠲᠤᠮᠳᠠᠳᠦ ᠵᠢᠨ ᠰᠢᠯᠢᠳᠡᠭ ᠤᠯᠠᠮᠵᠢᠯᠠᠯᠳᠦ ᠰᠤᠶᠤᠯ ᠤ᠋ᠨ ᠭᠠᠢᠬᠠᠮᠰᠢᠭ ᠢ᠋ ᠬᠠᠷᠠᠭᠤᠯᠵᠦ᠂ ᠰᠢ ᠲᠠᠭᠤᠷᠢᠯᠢᠭ᠂ ᠶᠧᠯᠸᠢ ᠵᠦᠴᠦᠭᠡ᠂ ᠼᠢᠷᠺ ᠵᠦᠴᠦᠭᠡ᠂ ᠳᠠᠭᠤᠯᠠᠯᠳᠤ ᠵᠦᠴᠦᠭᠡ ᠵᠡᠷᠭᠡ ᠡᠯ᠎ᠡ ᠵᠦᠢᠯ ᠤ᠋ᠨ ᠤᠷᠠᠯᠢᠭ ᠤ᠋ᠨ ᠬᠡᠯᠪᠡᠷᠢ ᠨᠢ ᠰᠣᠶᠣᠯ ᠤ᠋ᠨ ᠦᠨᠦᠷ ᠠᠮᠳᠠ ᠵᠢ ᠨᠡᠩ ᠪᠢᠯᠬᠠᠮ᠎ᠠ᠂ ᠰᠤᠶᠤᠯ ᠤ᠋ᠨ ᠨᠠᠢᠷ ᠢ᠋ ᠨᠡᠩ ᠳᠠᠩᠰᠤᠭ ᠰᠠᠢᠬᠠᠨ ᠪᠤᠯᠭᠠᠵᠠᠢ ᠃


QQ截图20220901103828.png

QQ截图20220901104100.png

QQ截图20220901104137.png

⑪ᠠᠬᠤᠢ ᠲᠠᠯᠠᠪᠠᠢ ᠵᠢᠨ ᠦᠵᠡᠭ᠌ᠴᠢᠳ

⑫ ᠳᠠᠭᠤᠤ ᠬᠥᠭ᠌ᠵᠢᠮᠲᠦ ᠵᠦᠴᠦᠭᠡ 《ᠱᠧᠩ ᠯᠧ ᠵᠢᠨ ᠴᠠᠭ ᠦᠶ᠎ᠠ 》

⑬ ᠪᠥᠵᠢᠭ᠌ᠲᠦ ᠵᠦᠴᠦᠭᠡ 《ᠺᠦᠩᠽᠢ 》

⑭ᠲᠡᠭᠦᠰᠬᠦ ᠶᠤᠰᠤᠯᠠᠯ ᠎ᠤᠨ ᠦᠳᠡᠰᠢᠯᠡᠭᠡ ᠵᠢᠨ ᠲᠤᠭᠯᠠᠯᠲᠠ

⑮ ᠼᠢᠷᠺ ᠵᠦᠴᠦᠭᠡ 《ᠵᠠᠯᠠᠭᠤ ᠨᠠᠰᠤ ing》

⑯ᠬᠤᠩᠱᠠᠨ·ᠯᠢᠶᠠᠩᠵᠦ᠍᠎ᠶ᠋ᠢᠨ ᠰᠣᠶᠣᠯ ᠲᠡᠦᠬᠡ᠎ᠶ᠋ᠢᠨ ᠳᠤᠷᠠᠰᠭᠠᠯᠲᠤ ᠵᠦᠢᠯ ᠎ᠦᠨ ᠰᠣᠳᠣᠨ ᠪᠦᠲᠦᠭᠡᠯ᠎ᠦᠨ ᠦᠵᠡᠭᠦᠯᠭᠡ

(ᠬᠡᠷᠡᠯ ᠵᠢᠷᠤᠭ ᠤ᠋ᠳ ᠢ᠋ ᠲᠤᠰ ᠰᠤᠨᠢᠨ ᠤ᠋ ᠰᠤᠷᠪᠤᠯᠵᠢᠯᠠᠭᠴᠢ ᠬᠤᠢᠳᠤᠠᠤᠯᠤᠰ᠂ ᠸᠠᠩ ᠯᠸᠢ᠂ ᠮᠠ ᠵᠢᠶᠠᠨ ᠴᠢᠤᠸᠠᠨ ᠂ ᠶᠠᠨ ᠴᠸᠨ ᠭᠤᠸᠠᠩ᠂ ᠸᠠᠩ ᠰᠢᠶᠤᠤ ᠪᠦᠸᠸ ᠲᠠᠳᠤᠯᠭ᠎ᠠ ᠵᠢᠨ ᠰᠤᠷᠪᠤᠯᠵᠢᠯᠠᠭᠴᠢ ᠶᠠᠩ ᠯᠢᠨ ᡁᠢ ᠰᠡᠬᠦᠳᠡᠷᠯᠡᠪᠡ)


ᠦᠪᠤᠷ ᠮᠤᠩᠭᠤᠯ ᠤ᠋ᠨ ᠣᠷᠣᠨ ᠨᠤᠲᠤᠭ ᠤ᠋ᠨ ᠱᠢᠯᠢᠳᠡᠭ ᠵᠦᠴᠦᠭᠡ ᠶ᠋ᠢᠨ ᠲᠣᠭ᠍ᠯᠠᠯᠲᠠ ᠪᠣᠯᠤᠨ ᠳᠠᠭᠤᠤ ᠬᠥᠭ᠌ᠵᠢᠮ ᠤ᠋ᠨ ᠲᠤᠰᠭᠠᠶ ᠰᠡᠳᠦᠪᠲᠦ ᠲᠣᠭ᠍ᠯᠠᠯᠲᠠ ᠨᠢ ᠮᠠᠨ ᠤ᠋ ᠤᠷᠤᠨ ᠤ᠋ ᠰᠤᠶᠤᠯ ᠤᠷᠠᠯᠢᠭ ᠤ᠋ᠨ ᠬᠦᠭᠵᠢᠯᠳᠡ ᠳᠠᠪᠰᠢᠯᠳᠠ ᠵᠢ ᠬᠠᠷᠠᠭᠤᠯᠵᠦ ᠴᠢᠳᠠᠭᠰᠠᠨ ᠪᠠᠢᠨ᠎ᠠ᠃ ᠲᠤᠮᠳᠠᠳᠦ ᠤᠯᠤᠰ ᠤ᠋ᠨ ᠳᠠᠢᠰᠠᠨ ᠤ᠋ ᠤᠷᠠᠯᠢᠭ ᠤ᠋ᠨ ᠲᠡᠥᠬᠡᠨ ᠳᠡᠭᠡᠷ᠎ᠠ ᠮᠤᠷᠢᠳᠦ ᠴᠡᠷᠢᠭ ᠵᠢᠡᠷ ᠰᠡᠳᠦᠪᠯᠡᠭᠰᠡᠨ ᠠᠩᠬᠠᠳᠠᠭᠴᠢ ᠲᠤᠮᠤ ᠬᠡᠯᠪᠡᠷᠢ ᠵᠢᠨ ᠪᠦᠵᠢᠭᠳᠦ ᠵᠦᠴᠦᠭᠡ《ᠮᠣᠷᠢᠲᠤ ᠴᠡᠷᠢᠭ》᠂ ᠲᠤᠮᠳᠠᠳᠦ ᠵᠢᠨ ᠪᠤᠯᠪᠠᠰᠤᠨ ᠤ᠋ ᠤᠯᠠᠨ ᠡᠰᠢᠵᠢᠵᠦ ᠨᠢᠭᠡ ᠴᠤᠭᠴᠠᠵᠢᠭᠰᠠᠨ ᠪᠠᠢᠷᠢᠰᠢᠯ ᠤ᠋ᠨ ᠪᠦᠷᠢᠯᠳᠦᠭᠰᠡᠨ ᠶᠠᠪᠤᠴᠠ ᠵᠢ ᠤᠷᠠᠯᠢᠭ ᠵᠢᠡᠷ ᠳᠠᠢᠯᠪᠤᠷᠢᠯᠠᠭᠰᠠᠨ《ᠱᠧᠩ ᠯᠧ ᠵᠢᠨ ᠴᠠᠭ ᠦᠶ᠎ᠡ》᠂ ᠵᠤᠯ ᠵᠢᠷᠭᠠᠯ ᠲᠠᠢ ᠠᠮᠢᠳᠤᠷᠠᠵᠦ ᠪᠠᠢᠭ᠎ᠠ ᠠᠷᠠᠳ ᠤᠯᠠᠨ ᠤ᠋ ᠨᠠᠮ ᠤ᠋ᠨ ᠠᠴᠢ ᠳ᠋ᠤ ᠳᠠᠯᠠᠷᠬᠠᠨ ᠂ ᠬᠦᠰᠡᠯ ᠬᠦᠭᠡᠭᠡᠴᠡᠯᠳᠦᠯ ᠤ᠋ᠨ ᠵᠢᠡᠨ ᠲᠦᠯᠦᠭᠡ ᠴᠤᠴᠠᠯᠳᠠ ᠦᠬᠡᠢ ᠤᠷᠤᠭᠰᠢᠯᠠᠬᠤ ᠵᠤᠷᠢᠬ ᠰᠠᠨᠠᠭ᠎ᠠ ᠵᠢ ᠤᠷᠠᠯᠢᠭ ᠵᠢᠡᠷ ᠢᠯᠡᠳᠬᠡᠭᠰᠡᠨ 《ᠮᠦᠩᠬᠡ ᠵᠢᠨ ᠠᠢᠵᠠᠮ》 ᠨᠠᠢᠷᠠᠯ ᠳᠠᠭᠤᠤ ᠬᠦᠭᠵᠢᠮ ᠤ᠋ᠨ ᠦᠳᠡᠰᠢᠯᠡᠬᠡ ᠂ ᠤᠯᠠᠭᠠᠨᠮᠦ᠋ᠴᠢᠷ ᠤ᠋ᠨ ᠰᠢᠯᠢᠳᠡᠭ ᠲᠤᠭᠯᠠᠯᠳᠠ ᠵᠢᠨ ᠦᠵᠡᠬᠦᠯᠭᠡ᠂《ᠤᠮᠠᠷᠠᠲᠤ ᠬᠢᠯᠢ ᠢ᠋ᠢᠨ ᠮᠠᠭᠳᠠᠭᠠᠯ》ᠪᠥᠬᠥ᠌ ᠣᠷᠣᠨ ᠤ᠋ ᠳᠥᠷᠪᠡᠳᠦᠭᠡᠷ ᠬᠤᠭᠤᠴᠠᠭᠠᠨ ᠤ᠋ ᠣᠯᠠᠨ ᠲᠦᠮᠡᠨ ᠤ᠋ ᠨᠠᠢᠷᠠᠯ ᠳᠠᠭᠤᠤ ᠢ᠋ᠢᠨ ᠦᠵᠡᠭᠦᠯᠭᠡ ᠂ ᠮᠣᠷᠢᠨ ᠬᠤᠭᠤᠷ ᠤ᠋ᠨ ᠲᠤᠰᠭᠠᠶ ᠲᠠᠯᠠᠪᠠᠶ ᠳᠠᠭᠤᠤ ᠬᠥᠭ᠌ᠵᠢᠮ ᠤ᠋ᠨ ᠴᠤᠭ᠍ᠯᠠᠭᠠᠨ ᠁ ᠡᠨᠡ ᠪᠦᠬᠦᠨ ᠨᠢ ᠤᠷᠠᠯᠢᠭᠴᠢᠳ ᠤ᠋ᠨ ᠲᠤᠭᠯᠠᠯᠳᠠ᠂ ᠠᠷᠠᠳ ᠣᠯᠠᠨ ᠤ᠋ ᠦᠵᠡᠭᠦᠯᠭᠡ ᠶ᠋ᠢᠨ ᠲᠠᠪᠴᠠᠩ ᠪᠣᠯᠤᠭᠰᠠᠨ ᠵᠢᠡᠷ ᠪᠠᠷᠠᠬᠤ ᠥᠬᠡᠶ᠂ ᠪᠠᠰᠠ ᠴᠤ᠌ ᠤᠷᠠᠯᠢᠭ ᠤ᠋ᠨ ᠰᠣᠯᠢᠯᠴᠠᠭᠠᠨ ᠤ᠋ ᠠᠵᠠ ᠲᠣᠬᠢᠶᠠᠯ ᠪᠣᠯᠤᠭᠰᠠᠨ ᠶᠤᠮ ᠃

ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠪᠣᠯ ᠤᠷᠠᠯᠢᠭ ᠤ᠋ᠨ ᠦᠪᠡᠳᠡᠭ᠌ᠰᠢ ᠴᠤᠭ᠍ᠯᠠᠭᠠᠨ᠂ ᠠᠷᠠᠳ ᠲᠦᠮᠡᠨ ᠤ᠋ ᠨᠢᠵᠢᠬᠢᠷ ᠪᠠᠶᠠᠷ᠎ᠪᠤᠯᠬᠤ ᠶᠤᠮ ᠂ ᠨᠠᠩ ᠴᠤ᠌ ᠥᠪᠥᠷ ᠮᠣᠩᠭᠣᠯ ᠤ᠋ᠨ ᠦᠨᠳᠦᠰᠦᠲᠡᠨ ᠨᠤᠭᠦᠳ ᠤ᠋ᠨ ᠠᠷᠠᠳ ᠲᠦᠮᠡᠨ ᠤ᠋ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ ᠶ᠋ᠢᠨ ᠠᠮᠢᠳᠤᠯᠢᠭ ᠢᠯᠡᠷᠡᠯ ᠮᠥᠨ ᠃ ᠲᠤᠰ ᠬᠤᠭᠤᠴᠠᠭᠠᠨ ᠤ᠋ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠦᠨᠳᠤᠷᠯᠡᠭᠰᠡᠨ ᠪᠤᠯᠪᠠᠴᠦ ᠲᠡᠬᠦᠨ ᠡᠴᠡ 《 ᠦᠵᠡᠰᠬᠦᠯᠡᠩᠳᠤ ᠰᠠᠢᠬᠠᠨ ᠦᠪᠤᠷ ᠮᠤᠩᠭᠤᠯ ᠵᠢᠡᠨ ᠪᠦᠳᠦᠬᠡᠨ ᠪᠠᠢᠭᠤᠯᠵᠤ ᠠᠭᠤᠤ ᠶᠡᠬᠡ ᠲᠤᠮᠳᠠᠳᠤ ᠵᠢᠨ ᠵᠡᠬᠦᠳᠤ ᠪᠠᠨ ᠬᠠᠮᠳᠤ ᠪᠡᠷ ᠲᠠᠷᠬᠡᠯᠰᠢᠬᠦᠯᠬᠦ》 ᠢᠳᠡᠪᠬᠢ ᠬᠦᠴᠦᠨ ᠤᠨᠳᠤᠷᠤᠭᠰᠠᠭᠠᠷ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面