2022-09-01 10:56:49
ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤᠨ ᠲᠤᠬᠠᠢ ᠭᠦᠦᠷᠨᠢᠯ
8 ᠰᠠᠷ᠎ᠠ ᠵᠢᠨ 31 ᠤ᠋ ᠣᠷᠣᠢ᠂ ᠨᠢᠭᠡ ᠰᠠᠷ᠎ᠠ ᠶᠠᠪᠣᠬᠲᠠᠬᠰᠠᠨ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠠᠯᠠᠩ ᠳ᠋ᠦ ᠠᠮᠵᠢᠯᠲᠠ ᠲᠠᠢ ᠦᠨᠳᠦᠷᠯᠡᠪᠡ᠃ 《ᠨᠠᠢᠷ ᠤ᠋ᠨ ᠶᠡᠬᠡ ᠳ᠋ᠦ ᠰᠠᠷ᠎ᠠ ᠬᠣᠨᠣᠬ ᠨᠡᠷᠬᠢᠯᠲᠦᠵᠦ᠂ ᠵᠢᠷᠭᠠᠯ ᠤ᠋ᠨ ᠶᠡᠬᠡ ᠳ᠋ᠦ ᠵᠡᠷᠭᠡ ᠪᠡᠷ ᠪᠠᠶᠠᠰᠣᠯᠲᠤᠬᠰᠠᠨ》 ᠲᠣᠰ ᠬᠣᠭᠣᠴᠠᠭᠠᠨ ᠤ᠋ ᠰᠣᠶᠣᠯ ᠤ᠋ᠨ ᠨᠠᠢᠷ ᠲᠦ᠍ ᠨᠡᠢᠲᠡ 6 ᠶᠡᠬᠡ ᠬᠡᠰᠡᠭ ᠤ᠋ᠨ 24 ᠵᠦᠢᠯ ᠤ᠋ᠨ ᠠᠵᠢᠯᠯᠠᠭ᠎ᠠ ᠦᠷᠨᠢᠬᠦᠯᠵᠦ᠂ ᠨᠠᠯᠠᠭᠠᠷ ᠨᠠᠮᠣᠷ ᠤ᠋ᠨ ᠬᠦᠬᠡᠬᠣᠲᠠ ᠵᠢ ᠨᠠᠢᠷ ᠤ᠋ᠨ ᠡᠭᠡᠰᠢᠭ ᠶ᠋ᠢᠡᠷ ᠴᠢᠮᠡᠵᠦ᠂ ᠪᠠᠶᠠᠷ ᠤ᠋ᠨ ᠲᠠᠭᠣᠨ ᠵᠢᠡᠷ ᠪᠢᠯᠬᠠᠭᠤᠯᠪᠠ᠃
ᠰᠣᠶᠣᠯ ᠪᠣᠯ ᠦᠨᠳᠦᠰᠦᠲᠡᠨ ᠤ᠋ ᠵᠣᠷᠢᠬ ᠰᠠᠨᠠᠭᠠᠨ ᠤ᠋ ᠠᠮᠢᠨ ᠰᠣᠲᠠᠰᠣ ᠮᠦᠨ᠃ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠨᠢ 《ᠰᠤᠶᠤᠯ ᠪᠤᠯᠪᠠᠰᠤᠨ ᠵᠢᠡᠷ ᠤᠮᠠᠷᠠᠲᠤ ᠬᠢᠯᠢ ᠵᠢ ᠬᠡᠢᠬᠦᠯᠵᠤ ᠰᠦᠭ ᠰᠦᠨᠡᠰᠦ ᠵᠢ ᠱᠤᠭᠤᠨ ᠬᠦᠰᠡᠯ ᠵᠡᠭᠦᠳᠦ᠍ ᠪᠡᠨ ᠲᠡᠷᠭᠡᠯᠱᠢᠭᠦᠯᠬᠦ᠌》 ᠪᠠᠷ ᠭᠤᠤᠯ ᠰᠡᠳᠦᠪ ᠪᠣᠯᠭᠠᠵᠤ᠂ ᠳᠤᠮᠳᠠᠳᠤ ᠶ᠋ᠢᠨ ᠦᠨᠳᠦᠰᠦᠲᠡᠨ ᠤ᠋ ᠠᠭᠤᠤ ᠶᠡᠬᠡ ᠰᠡᠷᠭᠦᠨ ᠮᠠᠨᠳᠤᠯᠲᠠ ᠶ᠋ᠢᠨ ᠴᠠᠭ ᠦᠶ᠎ᠡ ᠶ᠋ᠢᠨ ᠭᠤᠤᠯ ᠰᠡᠳᠦᠪ ᠲᠦ᠍ ᠠᠩᠬᠠᠷᠤᠯ ᠵᠢᠡᠨ ᠲᠥᠪᠯᠡᠷᠡᠭᠦᠯᠤᠨ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ ᠭᠤᠤᠯ ᠱᠢᠵᠢᠮ ᠢ᠋ ᠲᠤᠭᠤᠱᠢᠯᠠᠭᠤᠯᠵᠤ᠂ ᠭᠤᠤᠯ ᠰᠡᠳᠦᠪ ᠲᠣᠪᠣᠢᠮ᠎ᠠ᠂ ᠰᠣᠳᠣᠨ ᠪᠦᠲᠦᠭᠡᠯ ᠪᠠᠶᠠᠯᠢᠭ᠂ ᠣᠯᠠᠨ ᠲᠦᠮᠡᠨ ᠳ᠋ᠤ ᠮᠡᠳᠡᠷᠡᠭ᠌ᠳᠡᠭ᠌ᠰᠡᠨ᠂ ᠬᠠᠷᠢᠯᠴᠠᠨ ᠰᠣᠯᠢᠯᠴᠠᠵᠤ ᠬᠠᠷᠢᠯᠴᠠᠨ ᠲᠣᠯᠢᠯᠠᠭ᠍ᠰᠠᠨ᠂ ᠰᠣᠶᠣᠯ ᠤ᠋ᠨ ᠰᠢᠮ᠎ᠠ ᠵᠢ ᠬᠠᠮᠲᠤ ᠪᠠᠷ ᠡᠳ᠋ᠯᠡᠭᠰᠡᠨ ᠦᠪᠡᠳᠡᠭ᠌ᠰᠢ ᠴᠤᠭ᠍ᠯᠠᠭᠠᠨ ᠪᠣᠯᠣᠬᠰᠠᠨ ᠪᠠᠢᠨ᠎ᠠ᠃
ᠰᠣᠩᠭᠣᠲᠠᠬ ᠪᠦᠲᠦᠭᠡᠯ ᠰᠣᠲᠣᠨ ᠵᠢᠷᠣᠬᠯᠠᠯ ᠰᠢᠨ᠎ᠡ ᠴᠠᠬ ᠦᠶ᠎ᠡ ᠵᠢᠨ ᠵᠢᠪᠬᠣᠭ᠎ᠠ ᠵᠢ ᠬᠠᠷᠠᠭᠣᠯᠪᠠ
ᠬᠦᠮᠦᠨ ᠪᠣᠯᠭᠠᠨ ᠤ᠋ ᠠᠯᠢ ᠡᠷᠲᠡ ᠰᠣᠨᠣᠰᠴᠦ ᠲᠠᠭᠣᠯᠠᠬᠰᠠᠭᠠᠷ ᠢᠷᠡᠭᠰᠡᠨ ᠂ ᠰᠣᠨᠣᠷ ᠤ᠋ᠨ ᠴᠢᠮᠡᠭ ᠪᠣᠯᠵᠦ ᠰᠡᠳᠬᠢᠯ ᠤ᠋ᠨ ᠬᠦᠨ ᠳ᠋ᠦ ᠬᠠᠲᠠᠩᠰᠢᠬᠰᠠᠨ 《ᠲᠠᠯ᠎ᠠ ᠨᠣᠲᠣᠬ ᠤ᠋ᠨ ᠦᠷᠯᠦᠭᠡ ᠵᠢᠨ ᠣᠶᠠᠩᠭ᠎ᠠ》 ᠂ 《ᠣᠪᠣᠭᠠᠨ ᠳᠡᠭᠡᠷᠡᠬᠢ ᠠᠭᠣᠯᠵᠠᠯᠲᠠ》᠂ 《ᠬᠦᠯᠦᠨ ᠪᠣᠢᠷ ᠤ᠋ᠨ ᠲᠠᠯ᠎ᠠ ᠨᠣᠲᠣᠬ》᠂ 《ᠬᠣᠨ ᠭᠠᠯᠠᠭᠣ》 ᠂ 《ᠲᠡᠭᠷᠢ ᠵᠢᠨ ᠰᠠᠯᠬᠢ》 ᠂ 《ᠪᠢ ᠲᠠᠯ᠎ᠠ ᠨᠣᠲᠣᠬ ᠲᠠᠢ ᠪᠠᠨ ᠪᠣᠯᠵᠣᠭ᠎ᠠ ᠲᠠᠢ》 ᠵᠡᠷᠭᠡ ᠰᠣᠩᠭᠣᠲᠠᠬ ᠲᠠᠭᠣᠣ ᠨᠣᠭᠣᠳ ᠰᠣᠶᠣᠯ ᠤ᠋ᠨ ᠨᠠᠢᠷ ᠤ᠋ᠨ ᠰᠠᠯᠬᠢ ᠵᠢ ᠬᠠᠭᠠᠯᠣᠬᠰᠠᠨ ᠨᠢ 7 ᠰᠠᠷ᠎ᠠ ᠵᠢᠨ 30 ᠤ᠋ ᠣᠷᠣᠢ ᠪᠠᠢᠵᠦ ᠪᠢᠯᠡ᠃ ᠡᠲᠡᠭᠡᠷ ᠰᠣᠩᠭᠣᠲᠠᠬ ᠲᠠᠭᠣᠣ ᠨᠣᠭᠣᠳ ᠦᠨᠦᠲᠦᠷ ᠨᠢᠭᠡᠨᠲᠡ ᠲᠠᠭᠣᠣ ᠣᠷᠠᠯᠢᠬ ᠭᠡᠬᠦ ᠲᠠᠩ ᠴᠣᠯᠭᠣᠢ ᠬᠦᠷᠢᠶ᠎ᠡ ᠴᠠᠷᠠᠭ᠎ᠠ ᠡᠴᠡ ᠲᠠᠪᠠᠵᠦ᠂ ᠴᠠᠬ ᠵᠠᠢ ᠵᠢᠨ ᠬᠢᠯᠢ ᠠᠯᠣᠰᠯᠠᠨ ᠲᠠᠯ᠎ᠠ ᠨᠣᠲᠣᠬ ᠤ᠋ᠨ ᠴᠡᠩᠭᠡᠭ ᠠᠭᠠᠷ᠂ ᠦᠪᠦᠷ ᠮᠣᠩᠭᠣᠯ ᠤ᠋ᠨ ᠲᠣᠷᠭᠠᠨ ᠬᠦᠷᠦᠰᠦᠨ ᠡᠴᠡ ᠬᠠᠷᠢ ᠣᠯᠣᠰ ᠣᠷᠣᠨ ᠬᠦᠷᠲᠡᠯ᠎ᠡ ᠴᠣᠣᠷᠢᠶᠠᠯᠠᠵᠦ᠂ ᠲᠠᠯ᠎ᠠ ᠨᠣᠲᠣᠬ ᠤ᠋ᠨ ᠰᠣᠶᠣᠯ᠂ ᠦᠪᠦᠷ ᠮᠣᠩᠭᠣᠯ ᠤ᠋ᠨ ᠠᠯᠲᠠᠷᠰᠢᠯ ᠢ᠋ ᠲᠠᠶᠠᠩ ᠤ᠋ᠨ ᠰᠣᠨᠣᠷ ᠲᠦ᠍ ᠬᠦᠷᠭᠡᠭᠰᠡᠨ ᠶᠣᠮ᠃
《ᠲᠠᠯ᠎ᠠ ᠨᠣᠲᠣᠬ ᠲᠠᠢ ᠪᠠᠨ ᠪᠣᠯᠵᠣᠭ᠎ᠠ ᠲᠠᠢ》ᠭᠡᠵᠦ ᠲᠠ ᠪᠦᠬᠦᠨ ᠢ᠋ ᠣᠷᠢᠵᠦ ᠪᠠᠢᠨ᠎ᠠ᠃ ᠲᠠᠯ᠎ᠠ ᠨᠣᠲᠣᠬ ᠲᠦ᠍ ᠣᠷᠲᠣ ᠵᠢᠨ ᠲᠠᠭᠣᠣ ᠵᠢᠨ ᠤᠶᠠᠩᠭᠠᠷᠠᠯ᠂ ᠣᠷᠠᠨ ᠪᠦᠵᠢᠭ ᠤ᠋ᠨ ᠨᠠᠬᠢᠯᠣᠯ᠂ ᠣᠲᠠᠰᠣᠲᠣ ᠬᠣᠭᠣᠷ ᠤ᠋ᠨ ᠡᠭᠡᠰᠢᠭ ᠡᠴᠡ ᠭᠠᠲᠠᠨ᠎ᠠ᠂ ᠵᠡᠬᠦᠲᠦᠨ ᠳ᠋ᠦ ᠬᠣᠨᠣᠬᠰᠢᠵᠦ᠂ ᠵᠢᠷᠦᠬᠡᠨ ᠳ᠋ᠦ ᠬᠠᠲᠠᠩᠰᠢᠮᠠᠷ ᠵᠦᠢᠷᠯᠡᠰᠢ ᠦᠭᠡᠢ ᠰᠠᠢᠬᠠᠨ ᠦᠵᠡᠮᠵᠢ ᠪᠣᠢ ᠭᠡᠲᠡᠭ ᠢ᠋《ᠦᠵᠡᠰᠬᠦᠯᠡᠩᠳᠤ ᠰᠠᠢᠬᠠᠨ ᠤᠷᠤᠨ ᠦᠵᠡᠮᠵᠢ ᠪᠦᠷᠢᠳᠦᠭᠰᠡᠨ ᠨᠤᠳᠤᠭ》 ᠢᠯᠢ ᠬᠤᠨᠳᠠᠭᠠᠲᠤ ᠥᠪᠥᠷ ᠮᠣᠩᠭᠣᠯ ᠤ᠋ᠨ ᠦᠩᠬᠡ ᠦᠵᠡᠮᠵᠢ ᠶ᠋ᠢᠨ ᠭᠡᠷᠡᠯ ᠵᠢᠷᠤᠭ ᠤ᠋ᠨ ᠦᠵᠡᠭᠦᠯᠭᠡ᠂ 《ᠦᠵᠡᠰᠭᠦᠯᠡᠩᠲᠦ ᠰᠠᠢᠬᠠᠨ ᠳᠤᠮᠳᠠᠳᠤ ᠤᠯᠤᠰ·ᠥᠪᠥᠷ ᠮᠣᠩᠭᠣᠯ ᠤ᠋ᠨ ᠲᠦᠷᠢ ᠲᠥᠷᠬᠦ᠌》 ᠭᠣᠣᠯ ᠰᠡᠳᠦᠪᠲᠦ ᠤᠷᠠᠨ ᠵᠢᠷᠤᠭ ᠤ᠋ᠨ ᠦᠵᠡᠭᠦᠯᠭᠡ ᠲᠡᠯᠭᠡᠨ ᠬᠠᠷᠠᠭᠣᠯᠣᠨᠠ᠃ ᠬᠡᠷᠡᠯ ᠵᠢᠷᠤᠭ ᠤ᠋ᠨ ᠦᠵᠡᠭᠦᠯᠭᠡ ᠨᠢ《ᠥᠩᠭᠡ ᠦᠵᠡᠮᠵᠢ》᠂《ᠢᠮ ᠲᠠᠮᠠᠭ᠎ᠠ》᠂ 《ᠤᠮᠠᠷᠠᠳᠦ ᠬᠢᠯᠢ》 ᠭᠤᠷᠪᠠᠨ ᠬᠡᠰᠡᠭ ᠵᠢᠡᠷ ᠪᠦᠷᠢᠯᠳᠦᠵᠦ᠍᠂ ᠥᠷᠭᠡᠨ ᠠᠭᠤᠳᠠᠮ ᠦᠵᠡᠰᠭᠦᠯᠡᠩᠲᠦ ᠰᠠᠢᠬᠠᠨ ᠪᠠᠢᠭᠠᠯᠢ ᠶ᠋ᠢᠨ ᠥᠩᠭᠡ ᠦᠵᠡᠮᠵᠢ ᠡᠴᠡ ᠣᠳᠣᠬᠢᠴᠢᠯᠠᠭ᠍ᠰᠠᠨ ᠬᠣᠲᠠ ᠶ᠋ᠢᠨ ᠠᠮᠢᠳᠤᠷᠠᠯ ᠬᠦᠷᠲᠡᠯ᠎ᠡ ᠂ ᠠᠵᠢᠯᠴᠢ ᠪᠣᠷᠣᠭ᠍ᠵᠢᠭᠤᠨ ᠦᠨᠳᠦᠰᠦᠲᠡᠨ ᠨᠤᠭᠦᠳ ᠤ᠋ᠨ ᠠᠷᠠᠳ ᠲᠦᠮᠡᠨ ᠡᠴᠡ ᠪᠠᠶᠠᠯᠢᠭ ᠰᠠᠢᠬᠠᠨ ᠵᠠᠩ ᠦᠶ᠋ᠯᠡ ᠶ᠋ᠢᠨ ᠰᠣᠶᠣᠯ ᠬᠦᠷᠲᠡᠯ᠎ᠡ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠢᠡᠷ ᠵᠡᠪᠰᠡᠭᠯᠡᠭᠰᠡᠨ ᠮᠠᠯ ᠠᠵᠤ ᠠᠬᠤᠢ ᠲᠠᠷᠢᠶᠠᠯᠠᠩ ᠡᠴᠡ ᠠᠵᠢᠯ ᠲᠥᠷᠥᠯ ᠤ᠋ᠨ ᠵᠢᠡᠨ ᠡᠮᠦᠨ᠎ᠡ ᠡᠩᠨᠡᠭᠡᠨ ᠳ᠋ᠤ ᠬᠤᠰᠢᠭᠤᠷᠠᠭᠰᠠᠨ ᠠᠵᠤ ᠦᠶ᠋ᠯᠡᠳᠪᠦᠷᠢ ᠶ᠋ᠢᠨ ᠠᠵᠤ ᠠᠬᠤᠢᠯᠠᠯ ᠬᠦᠷᠲᠡᠯ᠎ᠡ ᠦᠵᠡᠰᠭᠦᠯᠡᠩᠲᠦ ᠰᠠᠢᠬᠠᠨ ᠥᠪᠥᠷ ᠮᠣᠩᠭᠣᠯ ᠤ᠋ᠨ ᠳᠦᠷᠢ ᠲᠥᠷᠬᠦ᠌ ᠶ᠋ᠢ ᠪᠥᠬᠥ᠌ ᠲᠠᠯ᠎ᠠ ᠪᠠᠷ᠂ ᠪᠤᠰᠤᠭ᠎ᠠ ᠴᠤᠭᠴᠠ ᠪᠡᠷ ᠳᠡᠯᠭᠡᠨ ᠦᠵᠡᠭᠦᠯᠪᠡ᠃ ᠤᠷᠠᠨ ᠵᠢᠷᠤᠭ ᠤ᠋ᠨ ᠦᠵᠡᠭᠦᠯᠭᠡ ᠳ᠋ᠦ 《ᠬᠣᠶᠠᠷ ᠢ᠋ ᠴᠤᠭᠴᠠᠯᠠᠬᠤ》 ᠳ᠋ᠤ ᠠᠩᠬᠠᠷᠤᠯ ᠵᠢᠡᠨ ᠲᠥᠪᠯᠡᠷᠡᠭᠦᠯᠵᠦ᠍᠂ ᠪᠥᠬᠥ᠌ ᠣᠷᠣᠨ ᠤ᠋ 12 ᠠᠢᠮᠠᠭ ᠬᠣᠲᠠ ᠶ᠋ᠢᠨ ᠥᠪᠡᠷᠮᠢᠴᠡ ᠪᠠᠢᠭᠠᠯᠢ ᠶ᠋ᠢᠨ ᠦᠵᠡᠮᠵᠢ᠂ ᠰᠣᠶᠣᠯ ᠢᠷᠭᠡᠨᠱᠢᠯ ᠂ ᠠᠮᠢ ᠠᠬᠤᠶ ᠶ᠋ᠢᠨ ᠳᠦᠷᠰᠦ ᠪᠠᠢᠳᠠᠯ ᠵᠢᠡᠷ ᠭᠤᠤᠯ ᠪᠣᠯᠭᠠᠨ᠂ ᠡᠬᠡ ᠤᠯᠤᠰ ᠤ᠋ᠨ ᠤᠮᠠᠷᠠᠲᠤ ᠶ᠋ᠢᠨ ᠦᠵᠡᠰᠭᠦᠯᠡᠩᠲᠦ ᠰᠠᠢᠬᠠᠨ ᠦᠵᠡᠮᠵᠢ ᠶ᠋ᠢᠨ ᠣᠷᠣᠨ ᠤ᠋ ᠠᠮᠢᠵᠢᠷᠠᠯ ᠤ᠋ᠨ ᠬᠦᠴᠦᠨ ᠵᠢᠡᠷ ᠪᠢᠯᠬᠠᠮ᠎ᠠ᠂ ᠰᠦᠷᠯᠢᠭ ᠰᠠᠢᠬᠠᠨ ᠥᠷᠭᠡᠨ ᠠᠭᠤᠳᠠᠮ ᠢ᠋ ᠵᠢᠷᠤᠭ᠍ᠯᠠᠵᠤ᠂ ᠥᠪᠥᠷ ᠮᠣᠩᠭᠣᠯ ᠤ᠋ᠨ ᠰᠠᠢᠨ ᠰᠠᠢᠬᠠᠨ ᠳᠦᠷᠢ ᠲᠥᠷᠬᠦ᠌ᠶ᠋ᠢ ᠪᠥᠬᠥ᠌ ᠲᠠᠯ᠎ᠠ ᠪᠠᠷ ᠳᠡᠯᠭᠡᠨ ᠦᠵᠡᠭᠦᠯᠵᠠᠢ᠃
ᠠᠭᠣᠰᠣᠯᠴᠠᠯ ᠣᠶᠠᠯᠲᠣᠯ ᠵᠢᠡᠷ ᠣᠶᠣᠨ ᠰᠠᠨᠠᠭᠠᠨ ᠤ᠋ ᠬᠠᠮᠲᠣ ᠵᠢᠨ ᠭᠡᠷ ᠣᠷᠣᠨ ᠢ᠋ ᠴᠤᠭᠴᠠᠯᠠᠬᠤ ᠡᠷᠴᠢ ᠬᠦᠴᠦᠨ ᠢ᠋ ᠪᠠᠳᠤᠳᠬᠠᠪᠠ
ᠣᠷᠠᠯᠢᠬ ᠰᠣᠶᠣᠯ ᠣᠯᠠᠮᠵᠢᠯᠠᠯ ᠡᠴᠡ ᠦᠨᠳᠦᠰᠦᠯᠡᠵᠦ᠂ ᠠᠭᠣᠰᠣᠯᠴᠠᠯ ᠣᠶᠠᠯᠲᠣᠯ ᠶ᠋ᠢᠡᠷ ᠦᠰᠴᠦ ᠬᠦᠭᠵᠢᠲᠡᠭ᠃ ᠦᠨᠳᠦᠰᠦᠲᠡᠨ ᠨᠣᠬᠦᠳ ᠤ᠋ᠨ ᠬᠠᠮᠲᠣ ᠵᠢᠨ ᠣᠶᠣᠨ ᠰᠠᠨᠠᠭᠠᠨ ᠤ᠋ ᠭᠡᠷ ᠣᠷᠣᠨ ᠢ᠋ ᠴᠣᠬᠴᠠᠯᠠᠬᠣ ᠳ᠋ᠦ ᠰᠣᠶᠣᠯ ᠤ᠋ᠨ ᠮᠡᠳᠡᠷᠡᠮᠵᠢ ᠪᠣᠯ ᠬᠠᠮᠣᠬ ᠤ᠋ᠨ ᠬᠦᠨ ᠲᠠᠪᠬᠣᠷᠭ᠎ᠠ ᠵᠢᠨ ᠮᠦᠷᠲᠡᠭᠡᠨ ᠦᠨᠳᠦᠰᠦᠲᠡᠨ ᠤ᠋ ᠪᠦᠯᠬᠦᠮᠲᠡᠯ ᠤ᠋ᠨ ᠦᠨᠳᠦᠰᠦ᠂ ᠦᠨᠳᠦᠰᠦᠲᠡᠨ ᠨᠣᠬᠦᠳ ᠤ᠋ᠨ ᠡᠶ᠎ᠡ ᠨᠠᠢᠷᠠᠮᠲᠠᠯ ᠤ᠋ᠨ ᠰᠦᠭ ᠰᠦᠨᠡᠰᠦ ᠪᠣᠯᠬᠣ ᠶᠣᠮ ᠃
ᠲᠣᠰ ᠬᠣᠭᠣᠴᠠᠭᠠᠨ ᠤ᠋ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠲᠦ᠍ ᠪᠡᠭᠡᠵᠢᠩ ᠤ᠋ᠨ ᠳᠠᠭᠤᠤ ᠬᠥᠭ᠌ᠵᠢᠮ ᠤ᠋ᠨ ᠨᠡᠢᠭᠡᠮᠯᠢᠭ᠂ ᠳᠤᠮᠳᠠᠳᠤ ᠤᠯᠤᠰ ᠤ᠋ᠨ ᠳᠠᠭᠤᠯᠠᠯᠲᠤ ᠵᠦᠴᠦᠭᠡ ᠪᠥᠵᠢᠭ᠌ᠲᠦ ᠵᠦᠴᠦᠭᠡ ᠶ᠋ᠢᠨ ᠬᠦᠷᠢᠶᠡᠯᠡᠩ᠂ ᠳᠤᠮᠳᠠᠳᠤ ᠤᠯᠤᠰ ᠤ᠋ᠨ ᠼᠢᠷᠺ ᠤ᠋ᠨ ᠪᠦᠯᠬᠦᠮ ᠵᠡᠷᠭᠡ ᠤᠯᠤᠰ ᠤ᠋ᠨ ᠳᠣᠲᠣᠭᠠᠳᠤ ᠶ᠋ᠢᠨ ᠨᠠᠷᠠᠲᠤ ᠬᠦᠷᠢᠶᠡᠯᠡᠩ ᠪᠦᠯᠬᠦᠮ᠂ ᠲᠣᠮᠣ ᠬᠡᠯᠪᠡᠷᠢ ᠶ᠋ᠢᠨ ᠨᠠᠢᠷᠠᠯ ᠳᠠᠭᠤᠤ ᠶ᠋ᠢᠨ ᠲᠤᠤᠯᠢ《ᠵᠠᠮᠴᠢᠯᠠᠭ᠍ᠴᠢ·ᠬᠡᠷᠡᠯ ᠰᠠᠴᠤᠷᠠᠩᠭᠤᠢ ᠵᠠᠭᠤᠨ ᠵᠢᠯ》᠂《ᠳᠣᠷᠣᠨ᠎ᠠ ᠵᠦᠭ ᠲᠤᠶᠠᠭᠠᠷᠠᠯ᠎ᠠ》᠂ ᠳᠤᠮᠳᠠᠳᠤ ᠭᠠᠳᠠᠭᠠᠳᠤ ᠶ᠋ᠢᠨ ᠨᠠᠷᠠᠲᠤ ᠤᠷᠠᠯᠢᠭᠴᠢᠳ ᠤ᠋ᠨ ᠰᠣᠩᠭᠣᠳᠠᠭ ᠳᠠᠭᠤᠤ ᠬᠥᠭ᠌ᠵᠢᠮ ᠤ᠋ᠨ ᠴᠤᠭᠯᠠᠭᠠᠨ᠂ ᠪᠥᠵᠢᠭ᠌ᠲᠦ ᠵᠦᠴᠦᠭᠡ 《ᠺᠦᠩᠽᠢ》᠂ ᠼᠢᠷᠺ ᠵᠦᠴᠦᠬᠡ《ᠵᠠᠯᠠᠭᠤ ᠨᠠᠰᠤᠨ ᠤ᠋ ing》᠂ ᠶᠧᠯᠸᠢ ᠵᠦᠴᠦᠭᠡ 《ᠪᠢ ᠬᠡᠨ ᠪᠣᠶ》 ᠵᠡᠷᠭᠡ ᠰᠣᠨᠢᠷᠬᠠᠯᠲᠠᠶ ᠵᠦᠴᠦᠭᠡ(ᠫᠷᠤᠭ᠌ᠷᠠᠮ)ᠨᠤᠬᠦᠳ ᠢ᠋ ᠲᠣᠬᠯᠠᠵᠦ ᠦᠵᠡᠬᠦᠯᠦᠭᠰᠡᠨ ᠮᠦᠷᠳᠡᠭᠡᠨ ᠤᠯᠤᠰ ᠤ᠋ᠨ ᠳᠣᠲᠣᠭᠠᠳᠤ ᠶ᠋ᠢᠨ 20 ᠱᠢᠬᠠᠮ ᠰᠢ ᠵᠦᠴᠦᠭᠡ ᠶ᠋ᠢᠨ ᠨᠡᠷᠡᠳᠤ ᠤᠷᠠᠯᠢᠭᠴᠢᠨ ᠢ᠋ ᠤᠷᠢᠵᠤ ᠂ ᠮᠠᠨ ᠤ᠋ ᠣᠷᠣᠨ ᠤ᠋ ᠦᠵᠡᠭ᠌ᠴᠢᠳ ᠲᠦ᠍ ᠨᠡᠷᠡᠳᠤ ᠤᠷᠠᠯᠢᠭᠴᠢᠨ ᠴᠤᠭ᠍ᠯᠠᠷᠠᠭ᠍ᠰᠠᠨ ᠰᠢ ᠵᠦᠴᠦᠭᠡ ᠶ᠋ᠢᠨ ᠦᠪᠡᠳᠡᠭ᠌ᠰᠢ ᠨᠠᠢᠷ ᠢ᠋ ᠰᠣᠨᠢᠷᠬᠠᠭᠤᠯᠣᠬᠰᠠᠨ ᠪᠠᠢᠨ᠎ᠠ᠃《ᠠᠭᠣᠰᠣᠯᠴᠠᠯ ᠬᠢᠭᠡᠳ ᠰᠢᠨᠡᠴᠢᠯᠡᠯ ᠪᠣᠯ ᠣᠷᠠᠯᠢᠬ ᠤ᠋ᠨ ᠬᠦᠭᠵᠢᠯᠲᠡ ᠵᠢᠨ ᠵᠠᠢᠯᠠᠰᠢ ᠦᠭᠡᠢ ᠵᠠᠮ ᠮᠦᠨ᠃ ᠣᠷᠠᠯᠢᠬ ᠨᠢ ᠦᠷᠦᠭᠡᠯ ᠪᠣᠰᠣᠳ ᠤ᠋ᠨ ᠲᠠᠪᠠᠭᠣᠯᠢᠬ ᠢ᠋ ᠰᠢᠩᠭᠡᠭᠡᠵᠦ ᠦᠪᠡᠷ ᠢ᠋ ᠪᠠᠨ ᠲᠡᠬᠦᠯᠲᠡᠷᠵᠢᠬᠦᠯᠦᠨ ᠬᠦᠭᠵᠢᠲᠡᠭ ᠶᠤᠮ》 ᠭᠡᠵᠦ ᠬᠦᠬᠡᠬᠣᠲᠠ ᠵᠢᠨ ᠱᠠᠨᠰᠢ ᠵᠦᠴᠦᠭᠡ ᠵᠢᠨ ᠬᠦᠷᠢᠶᠡᠯᠡᠩ ᠤ᠋ᠨ ᠲᠠᠷᠣᠭ᠎ᠠ ᠵᠠᠩ ᠹᠦ ᠵᠢᠶᠦᠢ᠍ᠨ ᠶᠠᠷᠢᠵᠦ ᠪᠠᠢᠯ᠎ᠠ ᠃
ᠴᠠᠬ ᠦᠶ᠎ᠡ ᠵᠢᠨ ᠵᠣᠷᠢᠬ ᠰᠠᠨᠠᠭ᠎ᠠ ᠵᠢ ᠢᠯᠡᠷᠡᠬᠦᠯᠵᠦ ᠂ ᠣᠯᠠᠨ ᠲᠦᠮᠡᠨ ᠤ᠋ ᠰᠡᠳᠬᠢᠯ ᠤ᠋ᠨ ᠲᠠᠭᠣᠨ ᠢ᠋ ᠴᠢᠪᠬᠠᠲᠠᠨ᠂ ᠣᠶᠣᠨ ᠰᠠᠨᠠᠭᠠᠨ ᠤ᠋ ᠭᠡᠷ ᠣᠷᠣᠨ ᠶ᠋ᠢᠡᠨ ᠬᠠᠮᠲᠣ ᠪᠡᠷ ᠴᠣᠬᠴᠠᠯᠠᠬᠣ ᠪᠣᠯ ᠣᠷᠠᠯᠢᠬ ᠤ᠋ᠨ ᠵᠣᠷᠢᠯᠲᠠ ᠶᠤᠮᠰᠠᠨ᠃ ᠦᠨᠳᠦᠰᠦᠲᠡᠨ ᠨᠣᠬᠦᠳ ᠤ᠋ᠨ ᠠᠭᠣᠰᠣᠯᠴᠠᠯ ᠨᠢᠬᠲᠠᠷᠠᠯ ᠢ᠋ ᠬᠠᠷᠠᠭᠣᠯᠣᠬᠰᠠᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠦᠵᠡᠬᠦᠯᠭᠡ ᠵᠢᠨ ᠲᠣᠬᠯᠠᠯᠲᠠ ᠨᠤᠭᠤᠳ ᠨᠢ ᠥᠪᠥᠷ ᠮᠣᠩᠭᠣᠯ ᠤ᠋ᠨ ᠦᠨᠳᠦᠰᠦᠲᠡᠨ ᠨᠤᠭᠦᠳ ᠤ᠋ᠨ ᠠᠷᠠᠳ ᠲᠦᠮᠡᠨ ᠤ᠋ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠬᠠᠢᠷ᠎ᠠ ᠰᠡᠳᠭᠢᠯᠭᠡ ᠵᠢ ᠣᠷᠠᠯᠢᠬ ᠶ᠋ᠢᠡᠷ ᠲᠠᠮᠵᠢᠨ ᠤᠯᠠᠮᠵᠢᠯᠠᠨ ᠪᠠᠳᠠᠷᠠᠭᠤᠯᠵᠤ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠤᠶᠤᠨ ᠰᠠᠨᠠᠭᠠᠨ ᠤ᠋ ᠭᠡᠷ ᠣᠷᠣᠨ ᠢ᠋ ᠴᠤᠭᠴᠠᠯᠠᠵᠤ᠂ ᠡᠬᠡ ᠤᠯᠤᠰ ᠤ᠋ᠨ ᠤᠮᠠᠷᠠᠲᠤ ᠶ᠋ᠢᠨ ᠡᠨᠡ ᠬᠦ᠌ ᠦᠵᠡᠮᠵᠢ ᠶ᠋ᠢᠨ ᠣᠷᠣᠨ ᠵᠢᠡᠨ ᠨᠡᠩ ᠦᠵᠡᠰᠭᠦᠯᠡᠩᠲᠦ ᠰᠠᠢᠬᠠᠨ ᠪᠣᠯᠭᠠᠨ ᠪᠦᠳᠦᠭᠡᠨ ᠪᠠᠢᠭᠤᠯᠬᠣ ᠤᠶᠤᠨ ᠰᠠᠨᠠᠭᠠᠨ ᠤ᠋ ᠳᠦᠷᠰᠦ ᠪᠠᠢᠳᠠᠯ ᠢ᠋ ᠢᠯᠡᠷᠡᠭᠦᠯᠪᠡ᠃
ᠭᠣᠣᠯ ᠰᠡᠲᠦᠪᠲᠦ ᠭᠣᠴᠣ ᠲᠣᠬᠯᠠᠯᠲᠠ ᠪᠡᠷ ᠦᠪᠦᠷ ᠮᠣᠩᠭᠣᠯ ᠤ᠋ᠨ ᠲᠦᠷᠢ ᠲᠦᠷᠬᠦ ᠵᠢ ᠱᠣᠭᠣᠪᠠ
ᠡᠭᠡ ᠣᠯᠣᠰ᠂ ᠡᠪ ᠬᠠᠮᠲᠣ ᠨᠠᠮ ᠶ᠋ᠢᠡᠨ ᠮᠠᠬᠲᠠᠨ ᠲᠠᠭᠣᠯᠠᠵᠦ᠂ ᠡᠷᠡᠮᠡᠬᠡᠢᠯᠡᠨ ᠲᠡᠮᠡᠴᠡᠭᠰᠡᠨ ᠠᠣᠭ᠎ᠠ ᠶᠡᠬᠡ ᠠᠮᠵᠢᠯᠲᠠ ᠵᠢ ᠲᠣᠰᠬᠠᠨ ᠬᠠᠷᠠᠭᠣᠯᠣᠨᠠ᠃ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ· ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠦᠵᠡᠬᠦᠯᠭᠡ ᠵᠢᠨ ᠲᠣᠬᠯᠠᠯᠲᠠ ᠨᠤᠭᠤᠳ ᠰᠣᠯᠢᠯᠴᠠᠭ᠎ᠠ ᠲᠣᠯᠢᠯᠠᠯ ᠢ᠋ ᠲᠣᠪᠣᠢᠯᠭᠠᠬᠣ᠂ ᠰᠣᠲᠣᠨ ᠪᠦᠲᠦᠭᠡᠯ ᠢ᠋ ᠰᠤᠨᠢᠷᠬᠠᠭᠤᠯᠬᠤ ᠂ ᠣᠷᠠᠯᠢᠬ ᠤ᠋ᠨ ᠬᠡᠯᠪᠡᠷᠢ ᠦᠷᠭᠡᠨ ᠲᠡᠯᠭᠡᠷ ᠣᠯᠠᠨ ᠶᠠᠩᠵᠦ ᠪᠠᠢᠬᠣ ᠲᠠᠯ᠎ᠠ ᠪᠡᠷ ᠦᠪᠦᠷ ᠮᠣᠩᠭᠣᠯ ᠤ᠋ᠨ ᠲᠦᠷᠢ ᠲᠦᠷᠬᠦ ᠵᠢ ᠱᠣᠭᠣᠯᠠ᠃
ᠠᠷᠪᠠᠨ ᠬᠣᠶᠠᠲᠣᠭᠠᠷ ᠬᠣᠭᠣᠴᠠᠭᠠᠨ ᠤ᠋ ᠲᠣᠮᠲᠠᠲᠣ ᠣᠯᠣᠰ ᠤ᠋ᠨ ᠪᠦᠵᠢᠭ ᠤ᠋ᠨ《ᠯᠢᠩᠬᠤ᠎ᠠ ᠱᠠᠩᠨᠠᠯ》 ᠢ᠋ ᠲᠣᠰᠣᠬᠰᠠᠨ ᠲᠣᠮᠣ ᠬᠡᠯᠪᠡᠷᠢ ᠵᠢᠨ ᠪᠦᠵᠢᠭᠲᠦ ᠵᠦᠴᠦᠭᠡ 《ᠮᠣᠷᠢᠲᠣ ᠴᠡᠷᠢᠭ》 ᠪᠣᠯ ᠲᠤᠰ ᠬᠤᠭᠤᠴᠠᠭᠠᠨ ᠤ᠋ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠴᠢᠬᠣᠯᠠ ᠨᠢᠬᠡᠨ ᠠᠭᠣᠯᠭ᠎ᠠ ᠪᠣᠯᠣᠨ᠎ᠠ᠃ 《ᠮᠣᠷᠢᠲᠣ ᠴᠡᠷᠢᠭ》 ᠢ᠋ ᠨᠠᠢᠷᠠᠭᠣᠯᠣᠨ ᠵᠣᠬᠢᠶᠠᠬᠰᠠᠨ ᠲᠡᠷᠡ ᠴᠠᠬ ᠡᠴᠡ ᠠᠪᠣᠭᠠᠳ ᠲᠠᠰᠣᠷᠠᠯᠲᠠ ᠦᠭᠡᠢ ᠦᠭᠡᠷᠡᠴᠢᠯᠡᠨ ᠰᠢᠨᠡᠴᠢᠯᠡᠭᠰᠡᠭᠡᠷ ᠢᠷᠡᠭᠰᠡᠨ ᠪᠦᠭᠡᠳ ᠡᠨᠡ ᠣᠲᠠᠭᠠᠨ ᠤ᠋ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠲᠦ᠍ ᠮᠠᠰᠢᠨ ᠪᠠᠭᠠᠵᠢ᠂ ᠭᠡᠷᠡᠯᠲᠦᠬᠦᠯᠭᠡ ᠪᠣᠯᠣᠨ ᠲᠠᠭᠣ ᠰᠢᠩᠭᠡᠭᠡᠯᠲᠡ ᠵᠡᠷᠭᠡ ᠣᠯᠠᠨ ᠲᠠᠯ᠎ᠠ ᠪᠡᠷ ᠶᠡᠬᠡᠬᠡᠨ ᠬᠦᠴᠦ ᠵᠠᠷᠣᠴᠠᠭᠣᠯᠵᠦ ᠵᠠᠰᠠᠯᠲᠠ ᠬᠢᠭᠰᠡᠨ ᠪᠠᠢᠨ᠎ᠠ᠃ 《ᠰᠣᠩᠭᠣᠲᠠᠬ ᠪᠦᠲᠦᠭᠡᠯ ᠳ᠋ᠦ᠍ ᠠᠪᠴᠣ ᠬᠡᠯᠡᠪᠡᠯ ᠨᠠᠷᠢᠨ ᠵᠦᠢᠯᠡᠰ ᠪᠣᠯ ᠭᠣᠣᠯᠲᠠᠯᠭᠠ ᠪᠣᠯᠣᠨ᠎ᠠ᠃ ᠡᠨᠡ ᠣᠲᠠᠭ᠎ᠠ ᠪᠦᠵᠢᠭᠲᠦ ᠵᠦᠴᠦᠭᠡ ᠵᠢᠨ ᠭᠡᠷᠡᠯᠲᠦᠬᠦᠯᠭᠡ ᠳ᠋ᠦ᠍ ᠰᠢᠨ᠎ᠡ ᠮᠠᠰᠢᠨ ᠪᠠᠭᠠᠵᠢ ᠬᠣᠲᠠᠯᠲᠣᠨ ᠠᠪᠴᠦ ᠦᠵᠡᠭᠴᠢᠳ ᠲᠦ᠍ ᠨᠡᠩ ᠰᠠᠢᠬᠠᠨ ᠬᠠᠷᠠᠭᠠᠨ ᠰᠡᠷᠡᠯ ᠤ᠋ᠨ ᠲᠦᠷᠦᠭᠲᠡᠯ ᠣᠯᠭᠣᠬᠣ ᠵᠢ ᠵᠣᠷᠢᠪᠠ᠃ ᠭᠡᠷᠡᠯᠲᠦᠬᠦᠯᠭᠡ ᠪᠣᠯ ᠵᠦᠴᠦᠭᠡ ᠵᠢᠨ ᠲᠠᠢᠰᠠᠨ ᠳ᠋ᠡᠬᠢ ᠠᠬᠣᠢ ᠦᠵᠡᠭᠲᠡᠯ ᠶᠣᠮ᠃ ᠲᠡᠷᠡ ᠨᠢ ᠦᠵᠡᠭᠴᠢᠳ ᠢ᠋ ᠬᠦᠲᠦᠯᠦᠨ ᠵᠦᠴᠦᠭᠡ ᠵᠢᠨ ᠬᠢᠯᠡᠰ ᠴᠡᠭ ᠪᠣᠯᠣᠨ ᠭᠣᠣᠯᠲᠠᠯᠭᠠ ᠵᠢ ᠮᠡᠲᠡᠷᠡᠬᠦᠯᠲᠡᠭ᠃ ᠣᠷᠠᠯᠢᠬ ᠤ᠋ᠨ ᠲᠠᠯ᠎ᠠ ᠪᠡᠷ ᠵᠦᠴᠦᠭᠡ ᠵᠢᠨ ᠦᠢᠯᠡ ᠶᠠᠪᠣᠲᠠᠯ ᠳ᠋ᠦ ᠵᠣᠬᠢᠴᠠᠭᠣᠯᠣᠨ ᠭᠡᠷᠡᠯᠲᠦᠬᠦᠯᠭᠡ ᠪᠣᠯᠣᠨ ᠲᠠᠭᠣ ᠰᠢᠩᠭᠡᠭᠡᠯᠲᠡ ᠵᠢ ᠵᠣᠬᠢᠴᠠᠭᠣᠯᠣᠨ ᠬᠠᠷᠠᠭᠠᠨ ᠰᠡᠷᠡᠯ ᠪᠣᠯᠣᠨ ᠰᠣᠨᠣᠷ ᠢ᠋ ᠡᠪᠯᠢᠭ ᠣᠶᠠᠯᠲᠣᠭᠣᠯᠣᠬᠰᠠᠨ ᠪᠠᠢᠨ᠎ᠠ》 ᠭᠡᠵᠦ ᠵᠦᠴᠦᠭᠡ ᠵᠢᠨ ᠬᠡᠷᠡᠯᠲᠦᠬᠦᠯᠭᠡ ᠵᠢᠨ ᠲᠦᠰᠦᠪᠯᠡᠭᠴᠢ ᠯᠢᠦ ᠸᠸᠨ ᠬᠣᠣ ᠶᠠᠷᠢᠵᠦ ᠪᠠᠢᠯ᠎ᠠ᠃
ᠣᠷᠠᠯᠢᠬ ᠠᠷᠠᠳ ᠲᠦᠮᠡᠨ ᠤ᠋ ᠲᠣᠮᠲᠠ ᠡᠴᠡ ᠢᠷᠡᠵᠦ ᠠᠬᠢᠭᠠᠳ ᠠᠷᠠᠳ ᠲᠦᠮᠡᠨ ᠤ᠋ ᠲᠣᠮᠲᠠ ᠬᠦᠷᠳᠡᠭ᠃ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠨᠢ ᠣᠷᠠᠯᠢᠬ ᠤ᠋ᠨ ᠦᠪᠡᠲᠡᠭᠰᠢ ᠴᠣᠬᠯᠠᠭᠠᠨ ᠠᠷᠠᠳ ᠲᠦᠮᠡᠨ ᠤ᠋ ᠨᠢᠵᠢᠬᠢᠷ ᠪᠠᠶᠠᠷ ᠪᠣᠯᠵᠦ᠂ ᠦᠪᠦᠷ ᠮᠣᠩᠭᠣᠯ ᠤ᠋ᠨ ᠲᠦᠷᠢ ᠲᠦᠷᠬᠦ ᠵᠢ ᠣᠯᠠᠨ᠎ᠠ ᠠᠯᠲᠠᠷᠰᠢᠭᠣᠯᠵᠦ ᠡᠷᠡᠮᠡᠬᠡᠢᠯᠡᠨ ᠣᠷᠣᠬᠰᠢᠯᠠᠬᠣ ᠢᠷᠠᠭᠣ ᠣᠶᠠᠩᠭ᠎ᠠ ᠵᠢ ᠬᠠᠩᠬᠢᠨᠠᠭᠣᠯᠣᠬᠰᠠᠭᠠᠷ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃