ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-07-30 20:18:08

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠬᠤᠭᠤᠴᠠᠭᠠᠨ ᠳ᠋ᠤ 《ᠳᠠᠯ᠎ᠠ ᠨᠤᠲᠤᠭ ᠤ᠋ᠨ ᠠᠷᠠᠳ ᠲᠦᠮᠡᠨ ᠡᠬᠡ ᠤᠯᠤᠰ ᠵᠢᠡᠨ ᠮᠠᠭᠳᠠᠨ ᠳᠠᠭᠤᠯᠠᠨ᠎ᠠ》 ᠭᠡᠬᠦ ᠮᠤᠷᠢᠨ ᠬᠤᠭᠤᠷ ᠤ᠋ᠨ ᠲᠤᠰᠬᠠᠢ ᠳᠠᠯᠠᠪᠠᠢ ᠳᠠᠭᠤᠤ ᠬᠦᠭᠵᠢᠮ ᠤ᠋ᠨ ᠴᠢᠭᠤᠯᠭᠠᠨ ᠶᠠᠪᠤᠭᠳᠠᠬᠤ ᠪᠠᠷ ᠪᠤᠯᠵᠤ᠂ ᠳᠤᠮᠳᠠᠳᠤ ᠤᠯᠤᠰ ᠤ᠋ᠨ ᠦᠦᠱᠢᠨ ᠮᠣᠷᠢᠨ ᠬᠤᠭᠤᠷ ᠤ᠋ᠨ ᠰᠢᠮᠫᠤᠨᠢ ᠬᠥᠭ᠌ᠵᠢᠮ ᠤ᠋ᠨ ᠪᠦᠯᠬᠦᠮ ᠭᠤᠤᠯᠴᠢᠯᠠᠨ ᠲᠤᠭᠯᠠᠬᠤ ᠪᠡᠷ ᠪᠤᠯᠵᠠᠢ᠃ ᠰᠤᠷᠪᠤᠯᠵᠢᠯᠠᠭᠴᠢ ᠪᠡᠯᠡᠳᠬᠡᠯ ᠪᠠᠢᠳᠠᠯ ᠢ᠋ ᠨᠢ ᠤᠢᠯᠠᠭᠠᠬᠤ ᠪᠡᠷ ᠪᠦᠯᠬᠦᠮ ᠤ᠋ᠨ ᠳᠠᠷᠤᠭ᠎ᠠ ᠵᠢᠨ ᠬᠠᠢ ᠲᠠᠢ ᠤᠳᠠᠰᠤ ᠪᠡᠷ ᠪᠤᠯᠵᠤᠵᠦ ᠦᠳᠡ ᠶ᠋ᠢᠨ ᠴᠢᠯᠦᠬᠡᠨ ᠳ᠋ᠤᠨᠢ ᠶᠠᠷᠢᠯᠴᠠᠭᠰᠠᠨ ᠪᠢᠯᠡ᠃

ᠵᠢᠨ ᠬᠠᠢ ᠰᠤᠷᠪᠤᠯᠵᠢᠯᠠᠭᠴᠢ ᠳ᠋ᠤ᠄《ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠲᠦ᠍ ᠪᠢᠳᠡ ᠭᠠᠳᠠᠭᠠᠳᠦ ᠶ᠋ᠢᠨ ᠰᠢᠯᠢᠳᠡᠭ ᠰᠤᠩᠭᠤᠳᠠᠭ ᠬᠦᠭᠵᠢᠮ᠂ ᠲᠤᠮᠳᠠᠳᠦ ᠶ᠋ᠢᠨ ᠰᠢᠯᠢᠳᠡᠭ ᠰᠤᠩᠭᠤᠳᠠᠭ ᠬᠦᠭᠵᠢᠮ᠂ ᠤᠷᠤᠨ ᠨᠤᠲᠤᠭ ᠤ᠋ᠨ ᠰᠢᠯᠢᠳᠡᠭ ᠰᠤᠩᠭᠤᠳᠠᠭ ᠬᠦᠭᠵᠢᠮ ᠤ᠋ᠳ ᠢ᠋ ᠰᠤᠩᠭᠤᠨ ᠲᠤᠭᠯᠠᠬᠤ ᠪᠡᠷ ᠤᠢᠷ᠎ᠠ ᠶ᠋ᠢᠨ ᠬᠡᠳᠦᠨ ᠡᠳᠦᠷ ᠶᠠᠭ ᠶᠠᠭᠠᠷᠠᠯᠳᠠᠢ ᠪᠤᠯᠪᠠᠰᠤᠷᠠᠯ ᠬᠢᠵᠦ ᠪᠠᠢᠨ᠎ᠠ᠃ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠲᠦ᠍ ᠤᠷᠤᠯᠴᠠᠬᠤ ᠨᠢ ᠮᠠᠨ ᠤ᠋ ᠪᠦᠯᠬᠦᠮ ᠳ᠋ᠤ ᠠᠪᠴᠤ ᠬᠡᠯᠡᠪᠡᠯ ᠪᠦᠯᠬᠦᠮ ᠵᠢᠡᠨ ᠤᠬᠠᠭᠤᠯᠬᠤ᠂ ᠤᠷᠤᠨ ᠨᠤᠲᠤᠭ ᠤ᠋ᠨ ᠰᠤᠶᠤᠯ ᠤᠷᠠᠯᠢᠭ ᠵᠢᠡᠨ ᠤᠬᠠᠭᠤᠯᠬᠤ ᠰᠠᠢᠬᠠᠨ ᠵᠠᠪᠰᠢᠶᠠᠨ ᠪᠤᠯᠤᠨ᠎ᠠ᠂ ᠳᠠᠬᠢᠪᠠᠯ ᠤᠯᠤᠰ ᠤ᠋ᠨ ᠳᠤᠳᠤᠭᠠᠳᠦ ᠡᠴᠡ ᠬᠦᠷᠦᠯᠴᠡᠨ ᠢᠷᠡᠬᠦ ᠤᠯᠠᠨ ᠪᠦᠯᠬᠦᠮ ᠲᠠᠢ ᠰᠤᠯᠢᠯᠴᠠᠭ᠎ᠠ ᠬᠢᠵᠦ᠂ ᠬᠠᠷᠢᠯᠴᠠᠨ ᠰᠤᠷᠤᠯᠴᠠᠬᠤ ᠠᠵᠠ ᠵᠠᠪᠰᠢᠶᠠᠨ ᠭᠡᠵᠦ ᠪᠤᠳᠤᠭᠰᠠᠨ ᠵᠢᠡᠷ ᠮᠠᠨ ᠤ᠋ ᠲᠤᠭᠯᠠᠭᠴᠢᠳ ᠪᠦᠬᠦ ᠰᠡᠳᠬᠢᠯ ᠵᠢᠡᠷ ᠵᠢᠡᠨ ᠪᠡᠯᠡᠳᠬᠡᠯ ᠠᠵᠢᠯ᠎ᠳᠠᠭᠠᠨ ᠰᠢᠮᠳᠠᠵᠦ ᠪᠠᠢᠨ᠎ᠠ᠃ ᠲᠤᠰ ᠤᠳᠠᠭᠠᠨ ᠤ᠋ ᠲᠤᠭᠯᠠᠯᠳᠠ ᠵᠢ ᠭᠤᠤᠯᠳᠠᠭᠤ ᠮᠠᠨ ᠤ᠋ ᠪᠦᠯᠬᠦᠮ ᠤ᠋ᠨ ᠲᠤᠭᠯᠠᠭᠴᠢᠳ ᠪᠤᠯᠤᠨ ᠤᠷᠳᠤᠰ ᠬᠤᠳᠠ ᠶ᠋ᠢᠨ ᠤᠯᠠᠭᠠᠨᠮᠦ᠋ᠴᠢᠷ ᠤ᠋ᠨ ᠰᠢᠮᠫᠤᠨᠢ ᠬᠦᠭᠵᠢᠮ ᠤ᠋ᠨ ᠪᠦᠯᠬᠦᠮ ᠤ᠋ᠨ ᠲᠤᠭᠯᠠᠭᠴᠢᠳ ᠬᠠᠮᠳᠤᠷᠠᠨ ᠲᠤᠭᠯᠠᠨ᠎ᠠ ᠂ ᠨᠡᠢᠳᠡ ᠵᠢᠷᠠᠭᠠᠳ ᠬᠦᠮᠦᠨ ᠤᠷᠤᠯᠴᠠᠨ᠎ᠠ》 ᠭᠡᠵᠦ ᠳᠠᠨᠢᠯᠴᠠᠭᠤᠯᠤᠯ᠎ᠠ ᠃

ᠲᠤᠭᠯᠠᠭᠴᠢ ᠤᠷᠠᠯᠢᠭᠴᠢᠳ ᠲᠠᠢ ᠪᠠᠨ ᠠᠳᠠᠯᠢᠬᠠᠨ ᠰᠡᠳᠬᠢᠯ ᠲᠤᠭᠳᠤᠯᠵᠦ᠂ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠢ᠋ ᠬᠦᠰᠡᠨ ᠬᠦᠯᠢᠶᠡᠵᠦ ᠪᠠᠢᠭ᠎ᠠ ᠬᠤᠳᠠ ᠶ᠋ᠢᠨ ᠠᠷᠠᠳ ᠴᠦ᠍ ᠴᠦᠬᠡᠨ ᠪᠤᠰᠤ ᠪᠠᠢᠯ᠎ᠠ᠃ ᠮᠠᠨᠳᠤᠬᠠᠢ ᠴᠡᠴᠡᠷᠯᠢᠭ ᠤ᠋ᠨ ᠠᠭᠤᠳᠠᠮ ᠳᠠᠯᠠᠪᠠᠢ ᠳ᠋ᠤ ᠲᠦᠷᠪᠡᠨ ᠤᠳᠠᠰᠤᠳᠦ ᠬᠤᠭᠤᠷ ᠳᠠᠳᠠᠨ ᠯᠢᠮᠪᠤ ᠦᠯᠢᠶᠡᠵᠦ᠂ ᠠᠷᠠᠳ ᠤ᠋ᠨ ᠳᠠᠭᠤᠤ ᠳᠠᠭᠤᠯᠠᠳᠠᠭ ᠬᠡᠳᠦᠨ ᠠᠬᠠᠮᠠᠳ ᠮᠤᠳᠤᠨ ᠰᠡᠬᠦᠳᠡᠷ ᠲᠦ᠍ ᠰᠠᠭᠤᠭᠠᠳ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠲᠤᠬᠠᠢ ᠬᠦᠬᠡᠷᠦᠯᠳᠦᠨ ᠵᠤᠭᠤᠭᠳᠠᠵᠦ ᠪᠠᠢᠯ᠎ᠠ᠃

— ᠲᠠᠯ᠎ᠠ ᠨᠤᠳᠤᠭ ᠤ᠋ᠨ ᠰᠤᠶᠤᠯ ᠤ᠋ᠨ ᠨᠠᠢᠷ 30 ᠤ᠋ ᠤᠷᠤᠢ ᠡᠬᠢᠯᠡᠨ᠎ᠡ᠃ ᠭᠠᠷ ᠤᠳᠠᠰᠤ ᠪᠡᠷ ᠵᠢᠡᠨ ᠰᠢᠭᠤᠳ ᠨᠡᠪᠳᠡᠷᠡᠬᠦᠯᠬᠡ ᠵᠢ ᠨᠢ ᠰᠤᠨᠢᠷᠬᠠᠶ᠎ᠠ !

— ᠵᠠᠯᠭᠠᠭᠠᠳ ᠪᠠᠰᠠ ᠤᠯᠠᠨ ᠲᠤᠭᠯᠠᠯᠳᠠ ᠳᠤᠬᠢᠷᠠᠭᠤᠯᠤᠭᠰᠠᠨ ᠪᠤᠯᠤᠯᠳᠠᠢ ᠂ ᠮᠠᠨ ᠤ᠋ ᠨᠢᠭᠡ ᠠᠬ᠎ᠠ ᠨᠠᠢᠷᠠᠯ ᠳᠠᠭᠤᠨ ᠤ᠋ ᠦᠳᠡᠰᠢᠯᠡᠬᠡ ᠳ᠋ᠤᠨᠢ ᠤᠷᠤᠯᠴᠠᠨ᠎ᠠ ᠭᠡᠳ ᠬᠦᠯ ᠨᠢ ᠭᠠᠵᠠᠷ ᠬᠦᠷᠬᠦ ᠦᠬᠡᠢ ᠬᠦᠭᠰᠡᠵᠤ ᠪᠠᠢᠨ᠎ᠠ᠃ 8 ᠰᠠᠷ᠎ᠠ ᠶ᠋ᠢᠨ 6 ᠤ᠋ ᠤᠷᠤᠢ ᠤᠴᠢᠵᠦ ᠦᠵᠡᠶ᠎ᠡ!

— ᠪᠢ ᠡᠨᠡ ᠤᠳᠠᠭ᠎ᠠ《ᠮᠤᠷᠢᠳᠦ ᠴᠡᠷᠢᠭ》ᠭᠡᠳᠡᠭ ᠪᠦᠵᠢᠭᠳᠦ ᠵᠦᠴᠦᠭᠡ᠎ᠵᠢ ᠲᠤᠬᠠᠢ ᠶ᠋ᠢᠨ ᠳᠠᠯᠠᠪᠠᠢ ᠳ᠋ᠤᠨᠢ ᠤᠴᠢᠵᠦ ᠦᠵᠡᠶ᠎ᠡ ᠬᠡᠵᠦ ᠪᠤᠳᠤᠵᠦ ᠪᠠᠢᠨ᠎ᠠ᠃ ᠤᠯᠠᠨ ᠲᠤᠮᠤ ᠱᠠᠩᠨᠠᠯ ᠲᠤᠰᠤᠯ᠎ᠠ ᠭᠡᠰᠡᠨ᠂ ᠶᠡᠬᠡ ᠰᠠᠢᠬᠠᠨ ᠰᠠᠨᠠᠭᠳᠠᠵᠦ ᠪᠠᠢᠨ᠎ᠠ!

— ᠪᠠᠰᠠ ᠮᠤᠷᠢᠨ ᠬᠤᠭᠤᠷ ᠤ᠋ᠨ ᠲᠤᠰᠬᠠᠢ ᠳᠠᠯᠠᠪᠠᠢ ᠳᠠᠭᠤᠤ ᠬᠦᠭᠵᠢᠮ ᠤ᠋ᠨ ᠴᠢᠭᠤᠯᠭᠠᠨ ᠲᠠᠢ᠂ ᠦᠦᠱᠢᠨ ᠮᠣᠷᠢᠨ ᠬᠤᠭᠤᠷ ᠤ᠋ᠨ ᠰᠢᠮᠫᠤᠨᠢ ᠬᠥᠭ᠌ᠵᠢᠮ ᠤ᠋ᠨ ᠪᠦᠯᠬᠦᠮ ᠡᠴᠡ ᠲᠤᠭᠯᠠᠨ᠎ᠠ ᠁ ᠭᠡᠵᠤ ᠶᠠᠷᠢᠭᠰᠠᠭᠠᠷ ᠪᠠᠢᠵᠦ ᠦᠪᠡᠷ ᠦᠪᠡᠷ ᠤ᠋ᠨ ᠬᠤᠭᠤᠷ ᠬᠦᠭᠵᠢᠮ ᠵᠢᠡᠨ ᠡᠭᠡᠰᠢᠭᠯᠡᠬᠦᠯᠵᠦ ᠡᠬᠢᠯᠡᠯ᠎ᠠ ᠃

ᠲᠤᠮᠳᠠᠳᠦ ᠤᠯᠤᠰ ᠤ᠋ᠨ ᠦᠦᠱᠢᠨ ᠮᠣᠷᠢᠨ ᠬᠤᠭᠤᠷ ᠤ᠋ᠨ ᠰᠢᠮᠫᠤᠨᠢ ᠬᠥᠭ᠌ᠵᠢᠮ ᠤ᠋ᠨ ᠪᠦᠯᠬᠦᠮ 2010 ᠣᠨ ᠤ᠋ 3 ᠰᠠᠷ᠎ᠠ ᠶ᠋ᠢᠨ 26 ᠤ᠋ ᠡᠳᠦᠷ ᠪᠠᠢᠭᠤᠯᠤᠭ᠍ᠳᠠᠵᠤ ᠂ ᠣᠳᠣᠬᠠᠨ ᠳ᠋ᠤ ᠲᠤᠮᠳᠠᠳᠦ ᠤᠯᠤᠰ ᠤ᠋ᠨ ᠴᠣᠷ ᠤ᠋ᠨ ᠭᠠᠭ᠍ᠴᠠ ᠮᠣᠷᠢᠨ ᠬᠤᠭᠤᠷ ᠵᠢᠡᠷ ᠭᠣᠣᠯ ᠴᠢᠪᠬᠠᠳᠠᠰᠤᠲᠤ ᠬᠥᠭ᠌ᠵᠢᠮ ᠪᠣᠯᠭᠠᠭ᠍ᠰᠠᠨ᠂ ᠦᠨᠳᠦᠰᠦᠲᠡᠨ ᠤ᠋ ᠪᠠ ᠣᠷᠣᠨ ᠨᠤᠲᠤᠭ ᠤ᠋ᠨ ᠬᠡᠪ ᠨᠠᠮᠪᠠ ᠪᠦᠬᠦᠢ ᠮᠡᠷᠭᠡᠵᠢᠯ ᠤ᠋ᠨ ᠣᠯᠠᠨ ᠡᠭᠡᠱᠢᠭ᠌ᠲᠦ ᠨᠠᠢᠷᠠᠯ ᠬᠥᠭ᠌ᠵᠢᠮ ᠤ᠋ᠨ ᠪᠦᠯᠬᠦᠮ ᠪᠣᠯᠤᠨ᠎ᠠ᠃ ᠪᠥᠬᠥ᠌ ᠪᠦᠯᠬᠦᠮ ᠳ᠋ᠤ ᠣᠲᠣ 46 ᠲᠣᠭ᠍ᠯᠠᠭ᠍ᠴᠢ ᠲᠠᠢ᠃ ᠬᠥᠭ᠌ᠵᠢᠮ ᠤ᠋ᠨ ᠪᠦᠯᠬᠦᠮ ᠪᠠᠢᠭᠤᠯᠤᠭ᠍ᠳᠠᠭ᠍ᠰᠠᠨ ᠡᠴᠡ ᠨᠠᠭᠠᠰᠢ᠂ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠮᠠᠰᠢ ᠣᠯᠠᠨ ᠨᠠᠷᠠᠲᠤ ᠠᠶ᠎ᠠ ᠵᠣᠬᠢᠶᠠᠭ᠍ᠴᠢ ᠲᠤᠰᠭᠠᠶ ᠮᠡᠷᠭᠡᠵᠢᠯᠲᠡᠨ ᠢ᠋ ᠤᠷᠢᠵᠤ ᠵᠣᠬᠢᠶᠠᠨ ᠪᠦᠲᠦᠭᠡᠯᠭᠡ᠂ ᠪᠣᠯᠪᠠᠰᠤᠷᠠᠯ ᠪᠠ ᠵᠢᠯᠣᠭᠣᠳᠣᠯᠭ᠎ᠠ ᠬᠢᠯᠭᠡᠵᠦ᠂ ᠨᠢᠭᠡᠨᠲᠡ 100 ᠭᠠᠷᠤᠶ ᠠᠶ᠎ᠠ ᠵᠢ ᠪᠦᠯᠬᠦᠮ ᠨᠢᠬᠡᠴᠢ ᠪᠡᠷ ᠵᠢᠡᠨ ᠪᠣᠯᠪᠠᠰᠤᠷᠠᠵᠤ᠂ ᠢᠵᠠᠭᠤᠷ ᠳᠠᠭᠤᠤ ᠬᠦᠭᠵᠢᠮ ᠤ᠋ᠨ ᠬᠠᠮᠳᠤᠯᠢᠬ᠂ ᠬᠣᠣᠰᠯᠠᠯ ᠬᠥᠭ᠌ᠵᠢᠮ᠂ ᠨᠠᠢᠷᠠᠯ ᠬᠥᠭ᠌ᠵᠢᠮ᠂ ᠲᠣᠮᠣ ᠬᠡᠯᠪᠡᠷᠢ ᠶ᠋ᠢᠨ ᠨᠠᠢᠷᠠᠯ ᠬᠦᠭᠵᠢᠮ᠂ ᠤᠯᠤᠰ ᠤ᠋ᠨ ᠳᠣᠲᠣᠭᠠᠳᠤ ᠭᠠᠳᠠᠭᠠᠳᠤ᠎ᠶ᠋ᠢᠨ ᠠᠳᠠᠯᠢ ᠪᠤᠰᠤ ᠬᠡᠪ ᠨᠠᠮᠪᠠ ᠲᠠᠶ ᠰᠣᠩᠭᠣᠳᠠᠭ ᠳᠠᠭᠤᠤ ᠬᠥᠭ᠌ᠵᠢᠮ ᠤ᠋ᠨ ᠪᠦᠲᠦᠭᠡᠯ ᠵᠢᠴᠢ ᠣᠷᠣᠨ ᠨᠤᠲᠤᠭ ᠤ᠋ᠨ ᠣᠨᠴᠠᠯᠢᠭ ᠲᠠᠶ ᠪᠦᠲᠦᠭᠡᠯ ᠢ᠋ ᠳᠡᠯᠭᠡᠷᠡᠭᠦᠯᠦᠨ ᠲᠤᠭᠯᠠᠵᠦ ᠴᠢᠳᠠᠬᠤ ᠪᠤᠯᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面