ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-07-31 20:08:08

ᠵᠣᠬᠢᠶᠠᠭ᠍ᠴᠢ᠄ ᠰᠠᠷᠭᠠᠢ ᠣᠩᠱᠢᠭ᠍ᠰᠠᠨ ᠣᠳᠠᠭ᠎ᠠ᠄ 3

7 ᠰᠠᠷ᠎ᠠ ᠢ᠋ᠢᠨ 30 ᠤ᠋ ᠤᠷᠤᠢ ᠢ᠋ᠢᠨ 8 ᠴᠠᠭ ᠲᠦ᠍ ᠂ ᠦᠪᠤᠷ ᠮᠤᠨᠭᠭᠤᠯ ᠤ᠋ᠨ ᠤᠷᠠᠯᠢᠭ ᠵᠦᠴᠦᠬᠡ ᠢ᠋ᠢᠨ ᠬᠦᠷᠢᠶᠡᠯᠡᠨᠭ ᠤ᠋ᠨ ᠼᠢᠷᠺ ᠤ᠋ᠨ ᠪᠦᠯᠬᠦᠮ ᠤ᠋ᠨ ᠵᠤᠬᠢᠶᠠᠨ ᠪᠦᠳᠦᠭᠡᠭᠰᠡᠨ ᠼᠢᠷᠺ ᠵᠦᠴᠦᠭᠡ 《ᠮᠠᠨ ᠤ᠋ ᠰᠠᠢᠨ ᠰᠠᠢᠬᠠᠨ ᠠᠮᠢᠳᠤᠷᠠᠯ》 ᠦᠪᠤᠷ ᠮᠤᠨᠭᠭᠤᠯ ᠤ᠋ᠨ ᠤᠷᠠᠯᠢᠭ ᠵᠦᠴᠦᠬᠡ ᠢ᠋ᠢᠨ ᠬᠦᠷᠢᠶᠡᠯᠡᠨᠭ ᠤ᠋ᠨ ᠲᠠᠭᠤᠤ ᠬᠦᠭᠵᠢᠮ ᠤ᠋ᠨ ᠲᠢᠨᠭᠬᠢᠮ ᠳ᠋ᠤ ᠦᠵᠡᠭᠴᠢ ᠤᠯᠠᠨ ᠲᠠᠢ ᠵᠤᠯᠭᠠᠵᠤ ᠤᠴᠢᠷᠳᠡᠢ ᠰᠠᠢᠬᠠᠨ ᠶᠠᠪᠤᠭᠳᠠᠯ᠎ᠠ ᠃


QQ图片20220731191331.png


7 ᠰᠠᠷ᠎ᠠ ᠢ᠋ᠢᠨ 30 ᠤ᠋ ᠤᠷᠤᠢ ᠂ ᠼᠢᠷᠺ ᠵᠦᠴᠦᠭᠡ《ᠮᠠᠨ ᠤ᠋ ᠰᠠᠢᠨ ᠰᠠᠢᠬᠠᠨ ᠠᠮᠢᠳᠤᠷᠠᠯ》ᠦᠪᠤᠷ ᠮᠤᠨᠭᠭᠤᠯ ᠤ᠋ᠨ ᠤᠷᠠᠯᠢᠭ ᠵᠦᠴᠦᠬᠡ ᠢ᠋ᠢᠨ ᠬᠦᠷᠢᠶᠡᠯᠡᠨᠭ ᠤ᠋ᠨ ᠲᠠᠭᠤᠤ ᠬᠦᠭᠵᠢᠮ ᠤ᠋ᠨ ᠲᠢᠨᠭᠬᠢᠮ ᠳ᠋ᠤ ᠦᠵᠡᠭᠴᠢ ᠤᠯᠠᠨ ᠲᠠᠢ ᠵᠤᠯᠭᠠᠯ᠎ᠠ ᠃

ᠰᠤᠷᠪᠤᠯᠵᠢᠯᠠᠭᠴᠢ ᠸᠠᠡᠭ ᠯᠸᠢ ᠮᠠ ᠵᠢᠶᠦ᠋ᠨ ᠤ᠋ᠤᠢ ᠰᠡᠬᠦᠳᠡᠷᠯᠡᠪᠡ


ᠼᠢᠷᠺ ᠵᠦᠴᠦᠭᠡ 《ᠮᠠᠨ ᠤ᠋ ᠰᠠᠢᠨ ᠰᠠᠢᠬᠠᠨ ᠠᠮᠢᠳᠤᠷᠠᠯ》 ᠪᠤᠯ ᠠᠷᠪᠠ ᠶᠢᠰᠦᠳᠦᠬᠡᠷ ᠬᠤᠭᠤᠴᠠᠭᠠᠨ ᠤ᠋ ᠲᠤᠮᠳᠠᠳᠤ ᠤᠯᠤᠰ·ᠦᠪᠤᠷ ᠮᠤᠨᠭᠭᠤᠯ ᠤ᠋ᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠭᠤᠤᠯᠳᠠᠯᠭ᠎ᠠ ᠲᠠᠢ ᠲᠤᠭᠯᠠᠯᠳᠠ ᠪᠤᠯᠤᠨ᠎ᠠ᠃ ᠲᠤᠰ ᠵᠦᠴᠦᠬᠡ ᠨᠢ ᠭᠤᠤᠯ ᠪᠠᠭᠠᠳᠤᠷ ᠲᠠᠨ᠎ᠠ ᠶᠡᠬᠡ ᠰᠤᠷᠭᠠᠭᠤᠯᠢ ᠢ᠋ᠢᠨ ᠲᠡᠬᠦᠰᠬᠦ ᠦᠬᠦᠯᠡᠯ ᠢ᠋ᠢᠡᠨ ᠲᠡᠬᠦᠯᠳᠡᠷᠵᠢᠬᠦᠯᠬᠦ ᠢ᠋ᠢᠨ ᠲᠦᠯᠦᠬᠡ ᠨᠤᠳᠤᠭ ᠲᠠᠭᠠᠨ ᠬᠠᠷᠢᠵᠤ ᠡᠵᠢ ᠡᠴᠡ ᠪᠠᠨ ᠬᠠᠳᠬᠤᠮᠠᠯ ᠤᠷᠠᠯᠢᠭ ᠢ᠋ ᠰᠤᠷᠤᠯᠴᠠᠬᠤ ᠬᠤᠭᠤᠴᠠᠭᠠᠨ ᠳ᠋ᠤ ᠬᠠᠮᠳᠤ ᠰᠤᠷᠤᠯᠭᠠᠳᠠᠨ ᠪᠤᠯᠬᠤ ᠭᠠᠴᠠᠭᠠᠨ ᠤ᠋ ᠨᠠᠮ ᠤ᠋ᠨ ᠡᠬᠦᠷ ᠤ᠋ᠨ ᠱᠦᠵᠢ ᠬᠦᠸᠸ ᠴᠢᠶᠠᠨᠭ᠌ ᠲᠠᠢ ᠤᠴᠠᠷᠠᠵᠤ᠂ ᠲᠡᠬᠦᠨ ᠤ᠋ ᠨᠤᠳᠤᠭ ᠲᠠᠭᠠᠨ ᠬᠠᠷᠢᠵᠤ ᠤᠢᠯᠡᠰ ᠪᠤᠰᠬᠠᠭᠰᠠᠨ ᠦᠨᠭᠬᠡᠷᠡᠯᠳᠡ ᠨᠢ ᠲᠠᠨ᠎ᠠ ᠳ᠋ᠤ ᠬᠦᠨ ᠰᠡᠨᠭᠬᠡᠷᠡᠬᠦᠯᠦᠯ ᠪᠤᠯᠵᠤ᠂ ᠦᠷᠨᠢᠨ ᠬᠦᠭᠵᠢᠵᠤ ᠪᠠᠢᠭ᠎ᠠ ᠬᠦᠳᠡᠭᠡ ᠨᠤᠳᠤᠭ ᠤ᠋ᠨ ᠰᠢᠨ᠎ᠠ ᠠᠮᠢᠳᠤᠷᠠᠯ ᠨᠢ ᠴᠤ᠌ ᠲᠠᠨ᠎ᠠ ᠢ᠋ᠢᠨ ᠦᠵᠡᠯ ᠰᠠᠨᠠᠭ᠎ᠠ ᠢ᠋ᠢ ᠬᠦᠨᠵᠡᠬᠡᠢ ᠨᠦᠯᠦᠬᠡᠯᠡᠪᠡ᠃ ᠢᠩᠬᠢᠬᠡᠳ ᠲᠠᠨ᠎ᠠ ᠬᠦᠸᠸ ᠴᠢᠶᠠᠨᠭ᠌ ᠲᠠᠢ ᠬᠠᠮᠳᠤᠷᠠᠨ ᠤᠯᠠᠮᠵᠢᠯᠠᠯᠳᠤ ᠬᠠᠳᠬᠤᠮᠠᠯ ᠤ᠋ᠨ ᠰᠢᠨ᠎ᠠ ᠢ᠋ᠢ ᠡᠬᠦᠳᠴᠤ ᠬᠠᠳᠬᠤᠮᠠᠯ ᠤ᠋ᠨ ᠤᠢᠯᠡᠳᠪᠤᠷᠢ ᠪᠠᠢᠭᠤᠯᠤᠭᠰᠠᠨ ᠪᠠᠢᠨ᠎ᠠ᠃ ᠵᠦᠴᠦᠬᠡ ᠎ᠳᠤ ᠲᠠᠨ᠎ᠠ ᠂ ᠬᠦᠸᠸ ᠴᠢᠶᠠᠨᠭ᠌ ᠬᠠᠳᠬᠤᠮᠠᠯ ᠤ᠋ᠨ ᠠᠵᠤ ᠤᠢᠯᠡᠰ ᠢ᠋ ᠬᠦᠭᠵᠢᠬᠦᠯᠬᠦ ᠢ᠋ᠢᠨ ᠲᠠᠭᠠᠤ ᠮᠠᠯᠴᠢᠨ ᠲᠠᠷᠢᠶᠠᠴᠢᠨ ᠢ᠋ ᠪᠠᠶᠠᠵᠢᠭᠤᠯᠵᠤ᠂ ᠨᠤᠳᠤᠭ ᠤᠰᠤ ᠪᠡᠨ ᠪᠦᠳᠦᠭᠡᠨ ᠪᠠᠢᠭᠤᠯᠵᠤ ᠪᠠᠢᠬᠤ ᠦᠯᠢᠬᠡᠷ ᠢ᠋ ᠶᠠᠷᠢᠵᠡᠢ ᠃

《ᠼᠢᠷᠺ ᠵᠦᠴᠦᠭᠡ〈ᠮᠠᠨ ᠤ᠋ ᠰᠠᠢ᠌ᠨ ᠰᠠᠢᠬᠠᠨ ᠠᠮᠢᠳᠤᠷᠠᠯ〉 ᠪᠣᠯ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠪᠡᠷ ᠭᠣᠣᠯ ᠰᠡᠳᠦᠪ ᠪᠣᠯᠭᠠᠭ᠍ᠰᠠᠨ ᠲᠤᠮᠤ ᠬᠡᠯᠪᠡᠷᠢ᠎ᠶ᠋ᠢᠨ ᠲᠠᠢᠰᠠᠨ ᠤ᠋ ᠵᠦᠴᠦᠭᠡ ᠪᠣᠯᠤᠨ᠎ᠠ ᠃ ᠲᠤᠰ ᠵᠦᠴᠦᠭᠡ ᠨᠢ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠪᠠᠢᠯᠳᠤᠬᠤ ᠪᠣᠳᠣᠯᠭ᠎ᠠ ᠲᠡᠶ ᠨᠢᠭᠳᠠ ᠤᠶᠠᠯᠳᠤᠵᠤ᠂ ᠵᠠᠯᠠᠭᠤ ᠨᠢᠭᠡ ᠦᠶ᠎ᠡ ᠶ᠋ᠢᠨ ᠬᠢᠨ ᠤ᠋ ᠡᠷᠡᠯᠬᠡᠭ᠌ᠯᠡᠨ ᠲᠡᠮᠡᠴᠡᠬᠦ᠌ ᠣᠶᠤᠨ ᠰᠠᠨᠠᠭᠠᠨ ᠤ᠋ ᠳᠦᠷᠰᠦ ᠪᠠᠢᠳᠠᠯ ᠢ᠋ ᠢᠯᠡᠷᠡᠬᠦᠯᠪᠠ》ᠬᠡᠵᠤ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠨᠠᠮ ᠤ᠋ᠨ ᠬᠣᠷᠢᠶᠠᠨ ᠤ᠋ ᠱᠦᠵᠢ ᠂ ᠬᠦᠷᠢᠶᠡᠯᠡᠩ ᠤ᠋ᠨ ᠳᠠᠷᠤᠭ᠎ᠠ ᠯᠢ ᠯᠢ ᠲᠠᠨᠢᠯᠴᠠᠭᠤᠯᠪᠠ ᠃

《ᠦᠵᠡᠭ᠌ᠴᠢᠳ ᠲᠡᠬᠡᠨ ᠰᠤᠳᠤᠨ ᠪᠦᠲᠦᠭᠡᠯ ᠢ᠋ ᠡᠷᠬᠦᠨ ᠲᠡᠪᠰᠢᠬᠦᠯᠬᠦ ᠪᠣᠯ ᠪᠢᠳᠡᠨ ᠤ᠋ ᠵᠣᠬᠢᠶᠠᠨ ᠪᠦᠲᠦᠭᠡᠯᠭᠡ ᠶ᠋ᠢᠨ ᠪᠦᠯᠬᠦᠮ ᠤ᠋ᠨ ᠬᠠᠮᠤᠭ ᠤ᠋ᠨ ᠶᠡᠬᠡ ᠬᠦᠰᠡᠯ ᠪᠤᠯᠬᠤ ᠶᠤᠮ ᠃ ᠤᠷᠠᠯᠢᠭ ᠤ᠋ᠨ ᠪᠦᠲᠦᠭᠡᠯ ᠤ᠋ᠨ ᠬᠠᠮᠤᠭ ᠤ᠋ᠨ ᠶᠡᠬᠡ ᠦᠨ᠎ᠡ ᠥᠷᠲᠡᠭ ᠨᠢ ᠦᠵᠡᠯ ᠰᠠᠨᠠᠭᠠᠴᠢ ᠴᠢᠨᠠᠷ ᠡᠴᠡ ᠭᠠᠳᠠᠨ᠎ᠠ ᠤᠷᠠᠯᠢᠭ ᠤ᠋ᠨ ᠡᠭᠦᠳᠦᠯᠲᠡ ᠶ᠋ᠢ ᠠᠨᠭᠬᠠᠷᠳᠠᠭ ᠃ ᠪᠢᠳᠡ ᠲᠤᠰ ᠵᠦᠴᠦᠭᠡ ᠳ᠋ᠤ ᠮᠠᠰᠢ ᠣᠯᠠᠨ ᠵᠣᠬᠢᠶᠠᠨ ᠪᠦᠲᠦᠭᠡᠬᠦ᠌ ᠠᠷᠭ᠎ᠠ ᠢ᠋ᠢ ᠰᠦᠪᠡᠭ᠌ᠴᠢᠯᠡᠵᠦ᠍ ᠂ ᠼᠢᠷᠺ ᠤ᠋ᠨ ᠮᠡᠷᠭᠡᠵᠢᠯ ᠤ᠋ᠨ ᠱᠢᠨ᠎ᠡ ᠢ᠋ᠢ ᠡᠬᠦᠳᠬᠦ ᠪᠡᠷ ᠴᠢᠷᠮᠠᠢᠨ ᠂ ᠣᠯᠠᠨ ᠵᠦᠶ᠋ᠯ ᠤ᠋ᠨ ᠠᠷᠭ᠎ᠠ ᠶ᠋ᠢ ᠲᠤᠷᠰᠢᠵᠠᠢ ᠃ ᠲᠤᠰ ᠵᠦᠴᠦᠭᠡ ᠳ᠋ᠤ ᠡᠭᠡᠯ ᠪᠣᠷᠣᠭ᠍ᠵᠢᠭᠤᠨ ᠬᠡᠪ ᠨᠠᠮᠪᠠ ᠶ᠋ᠢ ᠬᠥᠭᠡᠭᠡᠴᠡᠯᠳᠦᠨ ᠂ ᠪᠤᠳᠠᠳᠤ ᠠᠮᠢᠳᠤᠷᠠᠯ ᠢ᠋ ᠲᠤᠰᠬᠠᠵᠤ ᠂ ᠼᠢᠷᠺ ᠤ᠋ᠨ ᠮᠡᠷᠭᠡᠵᠢᠯ ᠡᠴᠡ ᠦᠭᠡ ᠬᠡᠯᠡ ᠪᠡᠷ ᠢᠯᠡᠳᠭᠡᠬᠦ ᠲᠡᠢᠰᠢᠬᠢ ᠬᠤᠪᠢᠷᠠᠯᠲᠠ ᠶ᠋ᠢ ᠪᠡᠶᠡᠯᠡᠬᠦᠯᠪᠡ 》 ᠬᠡᠵᠤ ᠵᠦᠴᠦᠭᠡ ᠢ᠋ᠢᠨ ᠤᠳᠤᠷᠢᠳᠤᠭᠠᠴᠢ ᠾᠧ ᠶᠠᠨ ᠮᠢᠨ ᠬᠡᠯᠡᠨ᠎ᠠ ᠃

ᠤᠢᠯᠠᠭᠠᠭᠰᠠᠨ ᠢ᠋ᠢᠡᠷ ᠂ ᠲᠤᠰ ᠵᠦᠴᠦᠬᠡ ᠢ᠋ᠢ 7 ᠰᠠᠷ᠎ᠠ ᠢ᠋ᠢᠨ 31 ᠤ᠋ ᠤᠷᠤᠢ ᠢ᠋ᠢᠨ 8 ᠴᠠᠭ ᠲᠦ᠍ ᠦᠪᠤᠷ ᠮᠤᠨᠭᠭᠤᠯ ᠤ᠋ᠨ ᠤᠷᠠᠯᠢᠭ ᠵᠦᠴᠦᠬᠡ ᠢ᠋ᠢᠨ ᠬᠦᠷᠢᠶᠡᠯᠡᠨᠭ ᠤ᠋ᠨ ᠲᠠᠭᠤᠤ ᠬᠦᠭᠵᠢᠮ ᠤ᠋ᠨ ᠲᠢᠨᠭᠬᠢᠮ ᠳ᠋ᠤ ᠬᠤᠶᠠᠳᠡᠬᠢ ᠲᠠᠯᠠᠪᠠᠢ ᠲᠤᠭᠯᠠᠬᠤ ᠪᠤᠯᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠹᠦ᠋ ᠭᠸᠨ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面