2022-08-11 10:23:22
8 ᠰᠠᠷ᠎ᠠ ᠵᠢᠨ 10 ᠤ᠋ ᠣᠷᠣᠢ ᠂ ᠨᠠᠷᠠ ᠵᠢᠷᠭᠠᠬᠣ ᠵᠢᠨ ᠲᠠᠯᠢᠮ ᠶ᠋ᠢᠡᠷ ᠨᠠᠰᠣᠲᠠᠨ ᠶ᠋ᠢᠡᠨ ᠲᠦᠰᠢᠵᠦ ᠬᠡᠦᠬᠡᠳ ᠶ᠋ᠢᠡᠨ ᠲᠠᠭᠠᠭᠣᠯᠣᠬᠰᠠᠨ ᠬᠦᠬᠡᠬᠣᠲᠠ ᠵᠢᠨ ᠬᠦᠮᠦᠰ ᠬᠡᠰᠡᠭ ᠪᠦᠯᠦᠭ ᠶ᠋ᠢᠡᠷ ᠣᠯᠠᠭᠠᠨ ᠲᠢᠶᠠᠲᠷ ᠵᠦᠭ ᠴᠣᠪᠣᠷᠠᠨᠠ ᠃ ᠣᠣᠯ ᠨᠢ ᠲᠣᠮᠲᠠᠲᠣ ᠣᠯᠣᠰ ᠤ᠋ᠨ ᠠᠢ ᠶᠣᠸᠠᠢ ᠬᠦᠭᠵᠢᠮ ᠤ᠋ᠨ ᠪᠦᠯᠬᠦᠮ ᠤ᠋ᠨ《ᠮᠢᠩᠭᠠᠨ ᠭᠠᠵᠠᠷ ᠤ᠋ᠨ ᠠᠭᠣᠯᠠ ᠣᠰᠣ》ᠨᠠᠢᠷᠠᠯ ᠬᠦᠭᠵᠢᠮ ᠤ᠋ᠨ ᠡᠬᠡᠰᠢᠭᠳᠤ ᠰᠢᠯᠦᠭ ᠤ᠋ᠨ 2022 ᠤᠨ ᠤ᠋ ᠪᠦᠬᠦ ᠣᠯᠣᠰ ᠤ᠋ᠨ ᠲᠣᠭᠣᠷᠢᠨ ᠲᠣᠬᠯᠠᠯᠲᠠ ᠵᠢᠨ ᠬᠦᠬᠡᠬᠣᠲᠠ ᠳ᠋ᠡᠬᠢ ᠲᠣᠰᠬᠠᠢ ᠲᠣᠬᠯᠠᠯᠲᠠ ᠪᠣᠯᠵᠣᠯ ᠶᠣᠰᠣᠭᠠᠷ ᠡᠨᠲᠡ ᠶᠠᠪᠣᠬᠲᠠᠬᠣ ᠭᠡᠵᠦ ᠪᠠᠢᠭ᠎ᠠ ᠠᠵᠢ ᠃
ᠮᠢᠩᠭᠠᠨ ᠤᠨ ᠤ᠋ ᠲᠡᠷᠲᠡᠭᠡᠬᠢ ᠠᠭᠣᠯᠠ ᠣᠰᠣ ᠂ ᠣᠷᠠᠨ ᠵᠢᠷᠣᠬ ᠤ᠋ᠨ ᠪᠦᠲᠦᠭᠡᠯ ᠢ᠋ ᠬᠦᠭᠵᠢᠮ ᠤ᠋ᠨ ᠬᠡᠯᠡ ᠪᠡᠷ ᠲᠠᠢᠯᠪᠣᠷᠢᠯᠠᠵᠦ ᠂ ᠠᠭᠣᠯᠠ ᠣᠰᠣᠨ ᠤ᠋ ᠡᠴᠢᠨ᠎ᠡ ᠭᠠᠢᠬᠠᠮᠰᠢᠬ ᠢ᠋ ᠠᠶᠠᠯᠭᠣ ᠬᠦᠭᠵᠢᠮ ᠡᠬᠡᠰᠢᠭᠳᠤ ᠰᠢᠯᠦᠭ ᠶ᠋ᠢᠡᠷ ᠢᠯᠡᠳᠭᠡᠭᠰᠡᠨ ᠲᠣᠰ ᠲᠣᠬᠯᠠᠯᠲᠠ ᠪᠣᠯ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠴᠢᠬᠣᠯᠠ ᠨᠢᠬᠡᠨ ᠠᠭᠣᠯᠭ᠎ᠠ ᠪᠣᠯᠬᠣ ᠶᠣᠮ᠃
《ᠮᠢᠩᠭᠠᠨ ᠭᠠᠵᠠᠷ ᠤ᠋ᠨ ᠠᠭᠣᠯᠠ ᠣᠰᠣ》ᠨᠠᠢᠷᠠᠯ ᠬᠦᠭᠵᠢᠮ ᠤ᠋ᠨ ᠡᠬᠡᠰᠢᠭᠳᠤ ᠰᠢᠯᠦᠭ ᠪᠣᠯ ᠲᠣᠮᠲᠠᠲᠣ ᠣᠯᠣᠰ ᠤ᠋ᠨ ᠲᠠᠭᠣᠣ ᠬᠦᠭᠵᠢᠮᠴᠢᠳ ᠤ᠋ᠨ ᠨᠡᠢᠭᠡᠮᠯᠢᠭ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠰᠠᠨᠠᠭᠠᠴᠢᠯᠠᠭ᠎ᠠ ᠪᠡᠷ ᠬᠣᠯᠪᠣᠭᠠᠨ ᠤ᠋ ᠡᠯ᠎ᠡ ᠭᠡᠰᠢᠬᠦᠨ ᠨᠢᠭᠡᠴᠢ ᠬᠠᠮᠲᠣᠷᠠᠨ ᠵᠣᠬᠢᠶᠠᠨ ᠪᠦᠲᠦᠭᠡᠵᠠᠢ ᠃ ᠲᠡᠷᠡ ᠨᠢ ᠣᠮᠠᠷᠠᠲᠣ ᠰᠦᠩ ᠣᠯᠣᠰ ᠤ᠋ᠨ ᠦᠶ᠎ᠡ ᠵᠢᠨ ᠠᠯᠲᠠᠷᠲᠣ ᠵᠢᠷᠣᠬᠴᠢᠨ ᠸᠠᠩ ᠰᠢ ᠮᠸᠩ ᠤ᠋ᠨ《ᠮᠢᠩᠭᠠᠨ ᠭᠠᠵᠠᠷ ᠤ᠋ᠨ ᠠᠭᠣᠯᠠ ᠣᠰᠣᠨ ᠤ᠋ ᠵᠢᠷᠣᠬ》ᠡᠴᠡ ᠵᠣᠬᠢᠶᠠᠨ ᠪᠦᠲᠦᠭᠡᠯᠭᠡ ᠵᠢᠨ ᠣᠷᠮᠠᠰ ᠦᠪᠯᠡᠵᠦ ᠂ ᠣᠣᠯ ᠵᠢᠷᠣᠬ ᠤ᠋ᠨ ᠵᠢᠷᠭᠣᠭᠠᠨ ᠬᠡᠰᠡᠭ ᠲᠠᠢ ᠬᠠᠷᠠᠭᠠᠯᠵᠠᠭᠣᠯᠣᠨ ᠨᠠᠢᠷᠠᠯ ᠬᠦᠭᠵᠢᠮ ᠤ᠋ᠨ ᠡᠬᠡᠰᠢᠭᠳᠤ ᠰᠢᠯᠦᠭ ᠤ᠋ᠨ ᠵᠢᠷᠭᠣᠭᠠᠨ ᠠᠩᠬᠢ ᠬᠣᠪᠢᠶᠠᠵᠦ ᠂ ᠠᠩᠬᠢ ᠪᠦᠷᠢ ᠪᠠᠨ ᠲᠣᠰᠪᠣᠷᠢ ᠡᠷᠲᠡᠨ ᠤ᠋ ᠰᠢᠯᠦᠭ ᠲᠠᠭᠣᠯᠠᠯ ᠤ᠋ᠨ ᠰᠣᠩᠭᠣᠲᠠᠬ ᠪᠠᠲᠠᠬ ᠶ᠋ᠢᠡᠷ ᠪᠠᠬᠴᠠᠯᠠᠨ ᠣᠨᠣᠭᠠᠵᠦ ᠂《ᠲᠡᠭᠷᠢ ᠭᠠᠵᠠᠷ ᠪᠠ ᠬᠦᠮᠦᠨ ᠬᠠᠮᠲᠣ ᠵᠠᠶᠠᠭᠠᠬᠰᠠᠨ ᠂ ᠲᠦᠮᠡᠨ ᠪᠣᠲᠠᠰ ᠪᠠ ᠬᠦᠮᠦᠨ ᠨᠢᠭᠡᠲᠦᠯ ᠲᠠᠢ》ᠭᠡᠮᠡᠬᠦ ᠬᠦᠮᠦᠨ ᠲᠦᠷᠦᠯᠬᠢᠲᠡᠨ ᠪᠠ ᠡᠬᠡ ᠪᠠᠢᠭᠠᠯᠢ ᠵᠢᠨ ᠡᠶ᠎ᠡ ᠨᠠᠢᠷᠠᠮᠲᠠᠭᠣ ᠪᠡᠷ ᠬᠠᠮᠳᠤ ᠣᠷᠣᠰᠢᠬᠣ ᠣᠳᠬ᠎ᠠ ᠰᠠᠨᠠᠭ᠎ᠠ ᠵᠢ ᠬᠠᠷᠠᠭᠣᠯᠣᠬᠰᠠᠨ ᠪᠠᠢᠨ᠎ᠠ ᠃
ᠲᠤᠰ ᠲᠤᠭᠯᠠᠯᠳᠠ ᠵᠢ ᠰᠣᠨᠢᠷᠬᠠᠬᠣ ᠪᠡᠷ ᠬᠦᠷᠦᠯᠴᠡᠨ ᠢᠷᠡᠭᠰᠡᠨ ᠦᠵᠡᠭᠴᠢᠳ ᠲᠦ᠍ ᠨᠡᠯᠢᠶᠡᠳ ᠨᠢ ᠲᠣᠮᠲᠠᠲᠣ ᠣᠯᠣᠰ ᠤ᠋ᠨ ᠠᠢ ᠶᠣᠸᠠᠢ ᠬᠦᠭᠵᠢᠮ ᠤ᠋ᠨ ᠪᠦᠯᠬᠦᠮ ᠤ᠋ᠨ ᠨᠡᠷ᠎ᠡ ᠵᠢ ᠲᠣᠭᠣᠯᠵᠦ ᠵᠣᠷᠢᠵᠦ ᠢᠷᠡᠭᠰᠡᠨ ᠭᠡᠲᠡᠭ ᠪᠣᠯ ᠪᠠᠰᠠ ᠵᠠᠷᠢᠮ ᠨᠢ ᠦᠨᠢ ᠡᠷᠲᠡᠨ ᠤ᠋ ᠵᠢᠷᠣᠬ ᠢ᠋ ᠦᠭᠡᠷ᠎ᠡ ᠨᠢᠬᠡᠨ ᠬᠡᠯᠪᠡᠷᠢ ᠪᠡᠷ ᠬᠡᠷᠬᠢᠨ ᠢᠯᠡᠷᠡᠬᠦᠯᠬᠦ ᠪᠣᠯ ᠭᠡᠰᠡᠨ ᠰᠣᠨᠢᠭᠣᠴᠢ ᠪᠣᠲᠣᠯ ᠳ᠋ᠠᠭᠠᠨ ᠲᠠᠲᠠᠬᠲᠠᠵᠦ ᠢᠷᠡᠭᠰᠡᠨ ᠪᠠᠢᠯ᠎ᠠ ᠃ ᠡᠢᠨ ᠬᠦ᠌《ᠮᠢᠩᠭᠠᠨ ᠭᠠᠵᠠᠷ ᠤ᠋ᠨ ᠠᠭᠣᠯᠠ ᠣᠰᠣ》ᠭᠡᠬᠦ ᠵᠢᠷᠣᠬ ᠢ᠋ ᠰᠡᠷᠬᠦᠭᠡᠨ ᠠᠮᠢᠯᠠᠭᠣᠯᠣᠬᠰᠠᠨ ᠲᠣᠮᠣ ᠲᠡᠯᠭᠡᠴᠡ ᠵᠢᠨ ᠡᠮᠦᠨ᠎ᠡ ᠣᠯᠠᠨ ᠬᠦᠮᠦᠨ ᠵᠢᠷᠣᠬ ᠰᠡᠬᠦᠲᠡᠷ ᠲᠠᠲᠠᠭᠣᠯᠵᠦ ᠲᠣᠷᠠᠰᠬᠠᠯ ᠦᠯᠡᠲᠡᠭᠡᠨᠡ ᠃ ᠬᠦᠬᠡᠬᠣᠲᠠ ᠵᠢᠨ ᠵᠢᠵᠢᠭ ᠯᠣᠨᠲᠣᠨ ᠰᠣᠷᠭᠠᠭᠣᠯᠢ ᠵᠢᠨ ᠵᠠᠩ ᠪᠠᠬᠰᠢ ᠄《ᠪᠢ ᠪᠠᠭ᠎ᠠ ᠡᠴᠡ ᠪᠠᠨ ᠲᠡᠬᠦᠯᠲᠡᠷ ᠬᠦᠭᠵᠢᠮ ᠰᠣᠷᠣᠬᠰᠠᠨ ᠃ ᠭᠡᠪᠡᠴᠦ ᠦᠨᠦ ᠪᠣᠯᠲᠠᠯ᠎ᠠ ᠲᠣᠮᠣ ᠬᠡᠪᠴᠢᠶᠠᠨ ᠤ᠋ ᠲᠡᠯᠡᠬᠡᠢ ᠳ᠋ᠦ᠍ ᠠᠯᠲᠠᠷᠲᠠᠢ ᠨᠠᠢᠷᠠᠯ ᠬᠦᠭᠵᠢᠮ ᠤ᠋ᠨ ᠡᠬᠡᠰᠢᠭᠳᠤ ᠰᠢᠯᠦᠭ ᠤ᠋ᠨ ᠲᠣᠬᠯᠠᠯᠲᠠ ᠵᠢ ᠠᠬᠣᠢ ᠲᠠᠯᠠᠪᠠᠢ ᠡᠴᠡ ᠰᠣᠨᠢᠷᠬᠠᠵᠦ ᠦᠩᠬᠡᠷᠡᠭᠰᠨᠨ ᠦᠭᠡᠢ ᠃ ᠡᠨᠡ ᠣᠲᠠᠭ᠎ᠠ ᠴᠣᠬᠣᠮ ᠨᠢᠲᠣ ᠨᠡᠭᠡᠭᠡᠵᠦ ᠰᠡᠳᠬᠢᠯ ᠪᠠᠶᠠᠰᠬᠠᠬᠣ ᠵᠠᠪᠰᠢᠶᠠᠨ ᠪᠤᠯᠤᠭᠰᠠᠨ》ᠭᠡᠵᠦ ᠲᠣᠬᠲᠣᠯᠣᠨ ᠶᠠᠷᠢᠨ᠎ᠠ ᠃ ᠦᠬᠢᠨ ᠲᠠᠢ ᠪᠠᠨ ᠬᠣᠶᠠᠭᠣᠯᠠ ᠣᠯᠠᠨ ᠬᠦᠮᠦᠨ ᠤ᠋ ᠲᠣᠮᠲᠠ ᠮᠦᠷᠯᠡᠵᠦ ᠪᠠᠢᠬᠰᠠᠨ ᠬᠣᠲᠠ ᠵᠢᠨ ᠠᠷᠠᠳ ᠯᠢᠦ ᠰᠢᠶᠣᠣ ᠶᠦᠨ ᠄《ᠪᠢᠳᠡ ᠵᠢᠯ ᠪᠣᠯᠭᠠᠨ ᠲᠸᠯᠸᠢᠰ ᠡᠴᠡ ᠰᠢᠨ᠎ᠡ ᠵᠢᠯ ᠤ᠋ᠨ ᠲᠠᠭᠣᠣ ᠬᠦᠭᠵᠢᠮ ᠤ᠋ᠨ ᠲᠣᠬᠯᠠᠯᠲᠠ ᠵᠢ ᠰᠤᠨᠢᠷᠬᠠᠳᠠᠭ ᠃ ᠦᠨᠦᠲᠦᠷ ᠦᠬᠢᠨ ᠳ᠋ᠡᠭᠡᠨ ᠰᠣᠩᠭᠣᠲᠠᠬ ᠬᠦᠭᠵᠢᠮ ᠰᠣᠨᠢᠷᠬᠠᠭᠣᠯᠬᠣ ᠪᠡᠷ ᠢᠷᠡᠭᠰᠡᠨ ᠶᠣᠮ》ᠭᠡᠵᠦ ᠶᠠᠷᠢᠵᠦ ᠪᠠᠢᠯ᠎ᠠ ᠃
ᠢᠷᠠᠭᠤ ᠬᠦᠭᠵᠢᠮ ᠣᠷᠣᠰᠴᠦ ᠡᠬᠡᠰᠢᠭᠳᠤ ᠰᠢᠯᠦᠭ ᠣᠶᠠᠩᠭᠠᠷᠠᠨᠠ ᠃ ᠮᠢᠩᠭᠠᠨ ᠭᠠᠵᠠᠷ ᠤ᠋ᠨ ᠠᠭᠣᠯᠠ ᠣᠰᠣ ᠵᠢ ᠲᠦᠮᠡᠨ ᠤᠨ ᠤ᠋ ᠭᠠᠢᠬᠠᠮᠰᠢᠬᠲᠣ ᠠᠶᠠᠯᠭᠣ ᠪᠣᠯᠭᠠᠨ ᠬᠦᠭᠵᠢᠮ ᠤ᠋ᠨ ᠬᠡᠯᠡ ᠪᠡᠷ ᠴᠢᠪᠬᠠᠳᠠᠵᠤ ᠡᠬᠡᠰᠢᠭᠳᠤ ᠰᠢᠯᠦᠭ ᠵᠢᠡᠷ ᠲᠠᠭᠤᠯᠠᠭᠰᠠᠨ ᠡᠨᠡ ᠬᠦ᠌ ᠲᠣᠬᠯᠠᠯᠲᠠ ᠦᠵᠡᠭᠴᠢᠳ ᠤ᠋ᠨ ᠰᠡᠳᠬᠢᠯ ᠢ᠋ ᠬᠦᠨᠳᠡᠵᠤ ᠂ ᠰᠠᠯᠵᠤ ᠶᠠᠳᠠᠨ ᠬᠤᠷᠭᠤᠳᠠᠭᠰᠠᠭᠠᠷ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃