2022-08-11 10:25:22
8 ᠰᠠᠷ᠎ᠠ ᠵᠢᠨ 10 ᠤ᠋ ᠦᠳᠡ ᠵᠢᠨ ᠬᠤᠢᠨ᠎ᠠ ᠪᠠ ᠤᠷᠤᠢ ᠂ ᠪᠡᠭᠡᠵᠢᠩ ᠤ᠋ᠨ ᠴᠢ ᠬᠣᠸᠠᠨ ᠰᠸᠨ ᠯᠢᠨ ᠶᠸᠯᠸᠢ ᠵᠢᠨ ᠰᠣᠶᠣᠯ ᠤ᠋ᠨ ᠠᠵᠦ ᠦᠢᠯᠡᠰ ᠤ᠋ᠨ ᠬᠢᠵᠠᠭᠠᠷᠲᠣ ᠺᠣᠮᠫᠠᠨᠢ ᠡᠴᠡ ᠨᠠᠢᠷᠠᠭᠣᠯᠣᠨ ᠲᠣᠬᠯᠠᠬᠰᠠᠨ《ᠪᠢ ᠬᠡᠨ ᠪᠣᠢ》ᠭᠡᠬᠦ ᠶᠸᠯᠸᠢ ᠵᠦᠴᠦᠭᠡ ᠵᠢᠨ ᠲᠤᠭᠯᠠᠯᠳᠠ ᠬᠦᠬᠡᠬᠣᠲᠠ ᠵᠢᠨ ᠣᠯᠠᠭᠠᠨ ᠲᠢᠶᠠᠲ᠋ᠷ ᠲᠦ᠍ ᠬᠤᠶᠠᠷ ᠲᠠᠯᠠᠪᠠᠢ ᠶᠠᠪᠤᠭᠳᠠᠪᠠ ᠃ ᠦᠯᠢᠭᠡᠷᠲᠦ ᠴᠢᠨᠠᠷ ᠂ ᠦᠵᠡᠭᠴᠢᠳ ᠯᠣᠭᠡ ᠵᠢᠨ ᠬᠣᠷᠰᠢᠯ ᠶ᠋ᠢᠡᠷ ᠶ᠋ᠢᠡᠨ ᠣᠨᠴᠠᠯᠢᠬᠲᠠᠬᠰᠠᠨ ᠶᠸᠯᠸᠢ ᠱᠣᠬ ᠵᠦᠴᠦᠭᠡ《ᠪᠢ ᠬᠡᠨ ᠪᠣᠢ》ᠪᠣᠯ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠨᠴᠠ ᠤᠷᠢᠭᠰᠠᠨ ᠦᠵᠡᠬᠦᠯᠬᠡ ᠵᠢᠨ ᠲᠤᠭᠯᠠᠯᠳᠠ ᠵᠢᠨ ᠨᠢᠬᠡ ᠪᠣᠯᠣᠨ᠎ᠠ ᠃
《ᠪᠢ ᠬᠡᠨ ᠪᠣᠢ》ᠪᠣᠯ ᠠᠯᠲᠠᠷᠲᠣ ᠶᠸᠯᠸᠢᠴᠢᠨ ᠰᠦᠨ ᠵᠸᠩ ᠤ᠋ᠨ ᠨᠠᠢᠷᠠᠭᠣᠯᠵᠦ ᠲᠣᠬᠯᠠᠬᠰᠠᠨ ᠣᠯᠣᠰ ᠤ᠋ᠨ ᠲᠣᠲᠣᠭᠠᠲᠣ ᠵᠢᠨ ᠬᠠᠮᠤᠭ ᠤ᠋ᠨ ᠠᠩᠬᠠᠨ ᠤ᠋ ᠦᠵᠡᠭᠴᠢᠳ ᠯᠣᠭᠡ ᠵᠢᠨ ᠬᠣᠷᠰᠢᠯ ᠶ᠋ᠢᠡᠷ ᠭᠣᠣᠯᠲᠠᠭᠣᠯᠣᠬᠰᠠᠨ ᠶᠸᠯᠸᠢ ᠵᠦᠴᠦᠭᠡ ᠪᠤᠯᠬᠤ ᠶᠤᠮ ᠃ ᠶᠸᠯᠸᠢ ᠵᠦᠴᠦᠭᠡ ᠨᠢ《ᠪᠢ ᠭᠡᠨ ᠪᠣᠢ》ᠭᠡᠮᠡᠬᠦ ᠺᠢᠨᠣ᠋ ᠵᠢ ᠰᠡᠬᠦᠲᠡᠷᠯᠡᠬᠦ ᠪᠡᠷ ᠠᠷᠣ ᠦᠵᠡᠭᠲᠡᠯ ᠪᠣᠯᠭᠠᠨ ᠂ ᠵᠦᠴᠦᠭᠡ ᠵᠢᠨ ᠪᠦᠯᠬᠦᠮ ᠤ᠋ᠨ ᠵᠠᠷᠣᠲᠠᠯ ᠮᠦᠩᠬᠦ ᠲᠣᠲᠠᠬᠲᠠᠬᠰᠠᠨ ᠤ᠋ ᠣᠯᠠᠮ ᠶ᠋ᠢᠡᠷ ᠠᠬᠣᠢ ᠲᠠᠯᠠᠪᠠᠢ ᠵᠢᠨ ᠦᠵᠡᠭᠴᠢᠳ ᠶ᠋ᠢᠡᠷ ᠲᠣᠬᠯᠠᠬᠴᠢ ᠵᠢᠨ ᠲᠦᠷᠢ ᠵᠢ ᠣᠷᠣᠯᠠᠭᠣᠯᠬᠣ ᠪᠡᠷ ᠰᠡᠲᠦᠵᠦ ᠰᠠᠨᠠᠭᠠᠴᠢᠯᠠᠨ ᠦᠯᠢᠭᠡᠷ ᠦᠢᠯᠡ ᠪᠠᠨ ᠦᠷᠬᠦᠯᠵᠢᠯᠡᠬᠦᠯᠵᠦ ᠂ ᠺᠢᠨᠣ᠋ ᠂ ᠶᠸᠯᠸᠢ ᠪᠠ ᠱᠣᠬ ᠵᠦᠴᠦᠭᠡ ᠵᠢ ᠬᠠᠷᠢᠯᠴᠠᠨ ᠣᠶᠠᠯᠲᠣᠭᠣᠯᠵᠤ ᠂ ᠦᠵᠡᠭᠴᠢᠳ ᠢ᠋ ᠡᠯᠢᠭᠡ ᠬᠦᠰᠢᠲᠡᠯ᠎ᠡ ᠢᠨᠢᠶᠡᠯᠭᠡᠯᠠ ᠃ ᠵᠦᠴᠦᠭᠡ ᠲᠣᠬᠯᠠᠬᠣ ᠶᠠᠪᠣᠴᠠ ᠳ᠋ᠦ ᠵᠦᠴᠦᠭᠡ ᠵᠢᠨ ᠶᠠᠪᠣᠲᠠᠯ ᠤ᠋ᠨ ᠲᠣᠰᠠᠯᠠᠬᠴᠢ ᠪᠣᠯᠣᠨ ᠭᠣᠣᠯ ᠲᠣᠬᠯᠠᠬᠴᠢ ᠳ᠋ᠦ ᠬᠠᠮᠵᠢᠨ ᠵᠦᠴᠦᠭᠡ ᠵᠢᠨ ᠦᠢᠯᠡ ᠶᠠᠪᠣᠲᠠᠯ ᠢ᠋ ᠠᠬᠢᠭᠣᠯᠬᠣ ᠬᠡᠲᠦᠨ ᠲᠣᠬᠯᠠᠬᠴᠢ ᠵᠢ ᠪᠦᠷ ᠠᠬᠣᠢ ᠲᠠᠯᠠᠪᠠᠢ ᠵᠢᠨ ᠦᠵᠡᠭᠴᠢᠳ ᠤ᠋ᠨ ᠲᠣᠮᠲᠠ ᠡᠴᠡ ᠰᠢᠯᠢᠨ ᠰᠣᠩᠭᠣᠵᠦ ᠂ ᠦᠵᠡᠭᠴᠢᠳ ᠤ᠋ᠨ ᠷᠣᠯᠢ ᠵᠢ ᠬᠣᠪᠢᠷᠠᠭᠣᠯᠵᠦ ᠲᠣᠬᠯᠠᠬᠴᠢ ᠪᠣᠯᠭᠠᠬᠰᠠᠨ ᠶ᠋ᠢᠡᠷ ᠨᠡᠩ ᠢᠯᠡᠬᠦᠦ ᠢᠲᠡᠭᠡᠬᠦᠯᠬᠦ ᠬᠦᠴᠦᠨ ᠲᠠᠢ ᠪᠣᠯᠵᠤ ᠂ ᠦᠵᠡᠭᠴᠢᠳ ᠤ᠋ᠨ ᠪᠠᠬᠠᠷᠬᠠᠯ ᠳ᠋ᠤ ᠬᠦᠷᠦᠭᠰᠡᠨ ᠪᠠᠢᠨ᠎ᠠ ᠃
ᠲᠣᠰ ᠶᠸᠯᠸᠢ ᠵᠦᠴᠦᠭᠡ ᠵᠢᠨ ᠣᠲᠣᠷᠢᠲᠣᠭᠠᠴᠢ ᠮᠦᠷᠲᠡᠭᠡᠨ ᠭᠣᠣᠯ ᠲᠣᠬᠯᠠᠬᠴᠢ ᠰᠦᠨ ᠵᠸᠩ ᠰᠣᠷᠪᠣᠯᠵᠢᠯᠠᠭ᠎ᠠ ᠬᠦᠯᠢᠶᠡᠬᠦ ᠳ᠋ᠡᠭᠡᠨ ᠄《ᠡᠨᠡ ᠵᠦᠴᠦᠭᠡ ᠵᠢ ᠪᠢ 2018 ᠤᠨ ᠳ᠋ᠦ᠍ ᠠᠩᠬ᠎ᠠ ᠨᠠᠢᠷᠠᠭᠣᠯᠵᠦ ᠂ 2019 ᠤᠨ ᠳ᠋ᠦ ᠵᠠᠭᠣᠢ ᠭᠠᠷᠣᠢ ᠲᠠᠯᠠᠪᠠᠢ ᠲᠣᠬᠯᠠᠵᠠᠢ ᠃ ᠶᠡᠷᠦ ᠨᠢ ᠵᠦᠴᠦᠭᠡᠯᠡᠵᠦ ᠲᠣᠬᠯᠠᠬᠣ ᠪᠣᠯ ᠬᠦᠮᠦᠨ ᠤ᠋ ᠲᠦᠷᠦᠯᠬᠢ ᠠᠷᠠᠨᠰᠢᠨ ᠪᠣᠯᠬᠣ ᠶᠣᠮ ᠃ ᠡᠨᠡ ᠬᠦ᠌ ᠵᠦᠴᠦᠭᠡ ᠪᠡᠷ ᠲᠠᠮᠵᠢᠨ ᠤᠯᠠᠨ ᠳ᠋ᠤ ᠶᠸᠯᠸᠢ ᠵᠢᠨ ᠭᠠᠢᠬᠠᠮᠰᠢᠬ ᠢ᠋ ᠮᠡᠲᠡᠷᠡᠬᠦᠯᠬᠦ ᠲᠡᠲᠦᠢ ᠦᠭᠡᠢ ᠪᠣᠲᠠᠲᠣ ᠠᠬᠣᠢ ᠪᠣᠯᠣᠨ ᠬᠦᠰᠡᠯ ᠮᠦᠷᠦᠭᠡᠲᠦᠯ ᠤ᠋ᠨ ᠵᠠᠢᠴᠠ ᠳ᠋ᠦ ᠠᠵᠢᠯ ᠠᠮᠢᠲᠣᠷᠠᠯ ᠂ ᠢᠨᠠᠬ ᠲᠣᠷᠠᠯᠠᠯ ᠭᠡᠵᠦ ᠡᠲᠦᠷᠵᠢᠨ ᠪᠣᠷᠪᠢ ᠪᠣᠬᠢᠰᠬᠢᠯ ᠦᠭᠡᠢ ᠮᠣᠩᠭᠠᠨᠢᠵᠦ ᠶᠠᠪᠣᠭ᠎ᠠ ᠬᠦᠮᠦᠰ ᠲᠦ᠍ ᠦᠪᠡᠷ ᠢ᠋ ᠪᠠᠨ ᠴᠠᠬ ᠢᠮᠠᠬᠲᠠ ᠡᠷᠬᠢᠴᠡᠬᠦᠯᠦᠨ ᠲᠣᠩᠭᠠᠵᠦ ᠂ ᠠᠯᠬᠣᠬᠰᠠᠨ ᠮᠦᠷ ᠲᠣᠭᠣᠯᠣᠬᠰᠠᠨ ᠵᠠᠮ ᠶ᠋ᠢᠡᠨ ᠡᠷᠬᠢᠨ ᠬᠠᠷᠠᠵᠦ ᠣᠬ ᠰᠠᠨᠠᠭ᠎ᠠ ᠪᠠᠨ ᠦᠯᠦ ᠮᠠᠷᠲᠠᠬᠣ ᠵᠢ ᠰᠠᠨᠠᠭᠣᠯᠣᠬᠰᠠᠨ ᠶᠣᠮ》ᠭᠡᠵᠦ ᠵᠦᠴᠦᠭᠡ ᠵᠢ ᠵᠣᠬᠢᠶᠠᠨ ᠪᠦᠲᠦᠭᠡᠭᠰᠡᠨ ᠵᠣᠷᠢᠯᠲᠠ ᠪᠠᠨ ᠲᠠᠨᠢᠯᠴᠠᠭᠣᠯᠵᠦ ᠪᠠᠢᠯ᠎ᠠ ᠃ ᠵᠦᠴᠦᠭᠡ ᠵᠢᠨ ᠶᠠᠪᠣᠲᠠᠯ ᠤ᠋ᠨ ᠲᠣᠰᠠᠯᠠᠬᠴᠢ ᠰᠦᠩ ᠰᠢᠣᠢ ᠮᠢᠩ ᠄《ᠲᠣᠰ ᠶᠸᠯᠸᠢ ᠵᠦᠴᠦᠭᠡ ᠵᠢ ᠬᠦᠬᠡᠬᠣᠲᠠ ᠳ᠋ᠦ᠍ ᠠᠩᠬ᠎ᠠ ᠣᠲᠠᠭ᠎ᠠ ᠲᠣᠬᠯᠠᠵᠦ ᠪᠣᠢ ᠃ ᠪᠢᠲᠡ 8 ᠤ᠋ ᠡᠳᠤᠷ ᠬᠦᠬᠡᠬᠣᠲᠠ ᠳ᠋ᠦ ᠢᠷᠡᠭᠰᠡᠨ ᠡᠴᠡ ᠨᠠᠭᠠᠰᠢ 9 ᠤ᠋ ᠣᠷᠣᠢ ᠵᠢᠨ ᠠᠷᠪᠠᠨ ᠴᠠᠬ ᠪᠣᠯᠲᠠᠯ᠎ᠠ ᠲᠠᠬᠢᠨ ᠲᠠᠪᠲᠠᠨ ᠪᠣᠯᠪᠠᠰᠣᠷᠠᠵᠦ ᠂ ᠦᠵᠡᠭᠴᠢᠳ ᠲᠦ᠍ ᠬᠠᠮᠣᠬ ᠤ᠋ᠨ ᠰᠠᠢᠨ ᠲᠣᠬᠯᠠᠯᠲᠠ ᠪᠠᠨ ᠦᠵᠡᠬᠦᠯᠬᠦ ᠪᠡᠷ ᠪᠡᠯᠡᠳᠭᠡᠭᠰᠡᠨ ᠃ ᠨᠠᠲᠠ ᠳ᠋ᠦ᠍ ᠠᠪᠴᠦ ᠬᠡᠯᠡᠪᠡᠯ ᠬᠦᠬᠡᠬᠣᠲᠠ ᠵᠢᠨ ᠲᠡᠭᠷᠢ ᠨᠢ ᠴᠡᠯᠮᠡᠭ ᠂ ᠬᠦᠮᠦᠨ ᠠᠷᠠᠳ ᠨᠢ ᠬᠠᠯᠠᠭᠣᠮᠰᠣᠬ ᠲᠣᠲᠣᠨᠣ ᠪᠠᠢᠵᠤ ᠂ ᠣᠨᠴᠠᠭᠠᠢᠯᠠᠨ ᠱᠣᠣᠮᠠᠢ ᠨᠢ ᠶᠡᠬᠡ ᠠᠮᠲᠠᠲᠠᠢ ᠰᠠᠨᠠᠬᠲᠠᠬᠰᠠᠨ》ᠭᠡᠵᠦ ᠣᠷᠮᠠᠲᠠᠢ ᠶᠠᠷᠢᠵᠦ ᠪᠠᠢᠯ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃