2022-08-12 10:01:58
8 ᠰᠠᠷ᠎ᠠ ᠶ᠋ᠢᠨ 11 ᠤ᠋ ᠤᠷᠤᠢ ᠂ ᠠᠷᠪᠠ ᠶᠢᠰᠦᠳᠦᠭᠡᠷ ᠬᠤᠭᠤᠴᠠᠭᠠᠨ ᠤ᠋ ᠳᠤᠮᠳᠠᠳᠤ ᠤᠯᠤᠰ·ᠦᠪᠤᠷ ᠮᠤᠨᠭᠭᠤᠯ ᠤ᠋ᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠱᠢᠯᠢᠳᠡᠭ ᠵᠦᠴᠦᠬᠡ ᠵᠢᠨ ᠦᠵᠡᠬᠦᠯᠬᠡ ᠢ᠋ᠢᠨ ᠲᠣᠭ᠍ᠯᠠᠯᠲᠠ ᠪᠤᠯᠬᠤ ᠤᠳᠤ ᠦᠶ᠎ᠠ ᠢ᠋ᠢᠨ ᠱᠠᠨ ᠰᠢ ᠵᠦᠴᠦᠭᠡ《ᠡᠦ ᠬᠠᠨ ᠳ᠋ᠢᠨᠭ》 ᠬᠥᠬᠡᠬᠣᠲᠠ ᠶ᠋ᠢᠨ ᠦᠨᠳᠦᠰᠦᠲᠡᠨ ᠤ᠋ ᠲᠢᠶᠠᠲ᠋ᠷ ᠲᠦ᠍ ᠦᠵᠡᠭᠴᠢ ᠤᠯᠠᠨ ᠲᠠᠢ ᠪᠠᠨ ᠵᠤᠯᠭᠠᠯ᠎ᠠ ᠃
ᠱᠠᠨ ᠰᠢ ᠵᠦᠴᠦᠭᠡ《ᠡᠦ ᠬᠠᠨ ᠳ᠋ᠢᠨᠭ》ᠪᠤᠯ《ᠪᠥᠬᠥ᠌ ᠤᠯᠤᠰ ᠤ᠋ᠨ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠤᠬᠰᠠᠨ ᠠᠵᠢᠯ ᠤ᠋ᠨ ᠵᠢᠱ᠌ᠢᠶᠡᠴᠢ》᠂《ᠤᠮᠠᠷᠠᠲᠤ ᠬᠢᠯᠢᠶ᠋ᠢᠨ ᠵᠢᠱ᠌ᠢᠶᠡᠴᠢ》— ᠡᠦ ᠬᠠᠨ ᠳ᠋ᠢᠨᠭ ᠤ᠋ᠨ ᠲᠡᠷᠢᠭᠦᠨ ᠤ᠋ ᠦᠶ᠋ᠯᠡ ᠠᠵᠢᠯᠯᠠᠭ᠎ᠠ ᠪᠠᠷ ᠰᠡᠳᠤᠪᠯᠡᠵᠤ ᠵᠣᠬᠢᠶᠠᠨ ᠪᠦᠳᠦᠭᠡᠭᠰᠡᠨ ᠰᠤᠳᠤᠨ ᠪᠦᠳᠦᠭᠡᠯ ᠪᠤᠯᠬᠤ ᠶᠤᠮ ᠃ ᠲᠤᠰ ᠵᠦᠴᠦᠬᠡ ᠨᠢ ᠡᠦ ᠬᠠᠨ ᠳ᠋ᠢᠨᠭ ᠤ᠋ᠨ《ᠨᠠᠮ ᠤ᠋ᠨ ᠲᠥᠪ ᠬᠤᠷᠢᠶ᠎ᠠ ᠳ᠋ᠤ ᠵᠠᠬᠢᠳᠠᠯ ᠪᠢᠴᠢᠵᠦ᠍ ᠬᠥᠳᠡᠭᠡ ᠲᠣᠰᠭᠣᠨ ᠤ᠋ ᠮᠠᠯ ᠤ᠋ᠨ ᠡᠮᠴᠢ ᠶ᠋ᠢᠨ ᠲᠤᠬᠠᠢ ᠠᠰᠠᠭᠤᠳᠠᠯ ᠢ᠋ ᠲᠤᠰᠭᠠᠬ᠍ᠰᠠᠨ》᠂《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠳ᠋ᠤ ᠲᠦᠱᠢᠭ᠌ᠯᠡᠨ ᠨᠤᠳᠤᠭ ᠤ᠋ᠨ ᠬᠤᠨᠢᠨ ᠤ᠋ ᠡᠬᠦᠯᠳᠡᠷ ᠢ᠋ ᠰᠠᠢᠵᠢᠷᠠᠭᠤᠯᠵᠤ ᠮᠠᠯ ᠠᠵᠤ ᠠᠬᠤᠢ ᠶ᠋ᠢ ᠬᠥᠭ᠌ᠵᠢᠭᠦᠯᠦᠭ᠌ᠰᠡᠨ》᠂《ᠶᠠᠳᠠᠭᠤ ᠡᠴᠡ ᠠᠩᠭᠢᠵᠢᠷᠠᠭᠤᠯᠬᠤ ᠵᠠᠯᠭᠠᠮᠵᠢᠯᠠᠭ᠍ᠴᠢ ᠶ᠋ᠢ ᠬᠥᠮᠦᠵᠢᠭᠦᠯᠦᠭ᠌ᠰᠡᠨ》ᠵᠡᠷᠭᠡ ᠦᠨᠡᠨ ᠪᠣᠳᠠᠲᠠᠢ ᠨᠡᠢᠳᠡᠯᠢᠭ ᠦᠯᠢᠬᠡᠷ ᠢ᠋ ᠰᠡᠳᠬᠢᠯ ᠤᠶᠠᠷᠠᠮ᠎ᠠ ᠲᠤᠭᠯᠠᠵᠤ ᠂ ᠨᠢᠭᠡᠨ ᠱᠢᠯᠢᠳᠡᠭ ᠡᠪ ᠬᠠᠮᠲᠤ ᠨᠠᠮ ᠤ᠋ᠨ ᠭᠡᠱᠢᠭᠦᠨ ᠤ᠋ 60 ᠵᠢᠯ ᠤ᠋ᠨ ᠲᠤᠷᠰᠢᠳᠠ ᠦᠨᠳᠦᠰᠦᠨ ᠱᠠᠲᠤᠨ ᠳ᠋ᠤ ᠰᠢᠷᠭᠠᠭᠤ ᠬᠠᠳᠠᠭᠤᠵᠢᠯᠳᠡᠢ ᠠᠵᠢᠯᠯᠠᠵᠤ ᠂ ᠤᠯᠠᠨ ᠲᠦᠮᠡᠨ ᠳ᠋ᠤ ᠦᠢᠯᠡᠴᠢᠯᠡᠭᠰᠠᠡ ᠡᠷᠬᠢᠮ ᠳᠡᠭᠡᠳᠦ ᠬᠠᠢᠷ᠎ᠠ ᠰᠡᠳᠭᠢᠯᠭᠡ ᠂ ᠨᠡᠷ᠎ᠡ ᠠᠱᠢᠭ ᠢ᠋ ᠦᠯᠦ᠍ ᠬᠥᠭᠡᠭᠡᠴᠡᠯᠳᠦᠵᠤ ᠥᠪᠡᠷ ᠢ᠋ ᠪᠡᠨ ᠤᠮᠠᠷᠲᠠᠨ ᠠᠵᠢᠯᠯᠠᠬᠤ ᠵᠤᠷᠢᠭ ᠰᠠᠨᠠᠭ᠎ᠠ ᠪᠤᠯᠤᠨ ᠨᠢᠬᠡ ᠰᠡᠳᠬᠢᠯ ᠢ᠋ᠢᠡᠷ ᠠᠷᠠᠳ ᠲᠦᠮᠡᠨ ᠳ᠋ᠤ ᠤᠢᠯᠡᠴᠢᠯᠡᠬᠦ ᠡᠬᠦᠷᠭᠡ ᠬᠠᠷᠢᠭᠤᠴᠠᠯᠭ᠎ᠠ ᠢ᠋ᠢ ᠢᠯᠡᠷᠡᠬᠦᠯᠦᠭᠰᠡᠨ ᠪᠠᠢᠨ᠎ᠠ ᠃
ᠵᠦᠴᠦᠬᠡ ᠨᠢ ᠴᠠᠭ ᠤᠷᠤᠨ ᠵᠠᠢ ᠢ᠋ᠢ ᠰᠤᠯᠪᠢᠴᠠᠨ ᠲᠡᠯᠬᠡᠨ ᠦᠵᠡᠬᠦᠯᠬᠦ ᠤᠷᠠᠯᠢᠭ ᠤ᠋ᠨ ᠬᠡᠯᠪᠡᠷᠢ ᠪᠡᠷ ᠡᠦ ᠬᠠᠨ ᠳ᠋ᠢᠨᠭ ᠤ᠋ᠨ ᠨᠢᠬᠡ ᠨᠠᠰᠤᠨ ᠤ᠋ ᠦᠨᠭᠬᠡᠷᠡᠯᠳᠡ ᠢ᠋ᠢ ᠢᠯᠡᠳᠬᠡᠪᠡ ᠃ ᠱᠢᠷᠠ ᠬᠥᠷᠥᠰᠥᠲᠦ ᠥᠨᠳᠥᠷᠯᠢᠭ ᠂ ᠠᠭᠤᠯᠠ ᠨᠢᠷᠤᠭᠤ ᠂ ᠬᠥᠬᠡ ᠲᠩᠷᠢ ᠂ ᠲᠣᠮᠣ ᠮᠣᠳᠣ ᠵᠡᠷᠭᠡ ᠪᠡᠷ ᠠᠷᠦ ᠦᠵᠡᠭ᠌ᠳᠡᠯ ᠪᠣᠯᠭᠠᠨ ᠠᠷᠠᠳ ᠤ᠋ᠨ ᠳᠠᠭᠤᠤ ᠂ ᠡᠯ ᠷᠧᠨ ᠲᠡᠶ ᠵᠦᠴᠦᠭᠡ ᠵᠡᠷᠭᠡ ᠣᠷᠣᠨ ᠨᠤᠲᠤᠭ ᠤ᠋ᠨ ᠣᠨᠴᠠᠯᠢᠭ ᠵᠢᠡᠷ ᠢᠯᠡ ᠲᠣᠳᠣ ᠳᠠᠭᠤᠤ ᠬᠥᠭ᠌ᠵᠢᠮ ᠢ᠋ ᠠᠭᠤᠰᠬᠠᠵᠡᠢ ᠃ ᠬᠤᠪᠴᠠᠰᠤ ᠵᠠᠰᠠᠯ ᠤ᠋ᠨ ᠲᠠᠯ᠎ᠠ ᠪᠡᠷ ᠴᠤ᠌ ᠬᠤᠷᠢᠳᠤᠭᠠᠷ ᠵᠠᠭᠤᠨ ᠤ᠋ ᠵᠢᠷᠠᠭᠠᠳ ᠣᠨ ᠡᠴᠡ 2018 ᠣᠨ ᠪᠤᠯᠳᠠᠯᠡᠬᠢ ᠠᠳᠠᠯᠢ ᠪᠤᠰᠤ ᠴᠠᠭ ᠦᠶ᠎ᠡ ᠶ᠋ᠢᠨ ᠬᠤᠪᠴᠠᠰᠤ ᠵᠠᠰᠠᠯ ᠢ᠋ ᠰᠣᠩᠭᠣᠵᠤ ᠴᠠᠭ ᠦᠶ᠎ᠡ ᠶ᠋ᠢᠨ ᠣᠨᠴᠠᠯᠢᠭ ᠢ᠋ ᠬᠠᠷᠠᠭᠤᠯᠪᠡ ᠃
《ᠪᠢ ᠴᠢᠨᠭ ᠱᠦᠢ ᠡᡁᠸ ᠱᠢᠶᠠᠨ ᠳ᠋ᠤ ᠬᠦᠷᠴᠤ ᠡᠦ ᠬᠠᠨ ᠳ᠋ᠢᠨᠭ ᠨᠠᠰᠤᠳᠠᠨ ᠲᠠᠢ ᠪᠤᠳᠤᠯ ᠰᠠᠨᠠᠭ᠎ᠠ ᠪᠡᠨ ᠰᠤᠯᠢᠯᠴᠠᠵᠤ ᠦᠨᠭᠬᠡᠷᠡᠵᠡᠢ ᠃ ᠲᠡᠭᠡᠭᠡᠳ ᠵᠦᠴᠦᠬᠡ ᠢ᠋ᠢᠨ ᠵᠤᠬᠢᠶᠠᠯ ᠤ᠋ᠨ ᠤᠢᠯᠠᠭᠠᠯᠳᠡ ᠪᠡ ᠪᠤᠳᠡᠳᠡᠢ ᠤᠶᠠᠯᠳᠤᠯ ᠢ᠋ᠢᠡᠷ ᠲᠠᠮᠵᠢᠨ ᠲᠡᠬᠦᠨ ᠤ᠋ ᠲᠣᠰᠭᠣᠨ ᠤ᠋ ᠠᠷᠠᠳ ᠢ᠋ ᠳᠠᠭᠠᠭᠤᠯᠤᠨ ᠶᠠᠳᠠᠭᠤ ᠡᠴᠡ ᠠᠨᠭᠬᠢᠵᠢᠷᠠᠭᠤᠯᠵᠤ ᠪᠠᠶᠠᠵᠢᠨ ᠴᠢᠨᠡᠭᠡᠯᠢᠭ᠌ᠵᠢᠬᠦᠯᠬᠦ ᠶᠠᠪᠤᠴᠡ ᠳ᠋ᠤ ᠡᠭᠦᠰᠦᠭ᠌ᠰᠡᠨ ᠤᠢᠯᠡ ᠶᠠᠪᠤᠳᠠᠯ ᠢ᠋ ᠤᠷᠠᠯᠢᠭᠵᠢᠭᠤᠯᠤᠨ ᠢᠯᠡᠳᠭᠡᠵᠤ ᠦᠵᠡᠭᠴᠢᠳ ᠲᠦ᠍ ᠬᠦᠷᠭᠡᠯ᠎ᠠ ᠃ ᠮᠠᠨ ᠤ᠋ ᠵᠠᠯᠠᠭᠤ ᠨᠢᠬᠡ ᠦᠶ᠎ᠠ ᠢ᠋ᠢᠨ ᠬᠢᠨ ᠡᠦ ᠬᠠᠨ ᠳ᠋ᠢᠨᠭ ᠤ᠋ᠨ ᠬᠠᠳᠠᠨ ᠪᠠᠳᠤ ᠢᠳᠡᠭᠡᠯ ᠪᠢᠰᠢᠷᠡᠯ ᠪᠤᠯᠤᠨ ᠬᠤᠪᠢᠷᠠᠰᠢ ᠦᠬᠡᠢ ᠤᠭ ᠰᠠᠨᠠᠭ᠎ᠠ ᠢ᠋ᠢ ᠰᠤᠷᠤᠯᠴᠠᠬᠤ ᠶᠤᠰᠤᠳᠠᠢ ᠶᠤᠮ》ᠬᠡᠵᠤ ᠡᠦ ᠬᠠᠨ ᠳ᠋ᠢᠨᠭ ᠤ᠋ᠨ ᠭᠤᠤᠯ ᠲᠤᠭᠯᠠᠭᠴᠢ ᠯᠢ ᠬᠤᠨᠭ᠌ ᠸᠸᠢ ᠤᠷᠠᠨ ᠪᠦᠳᠦᠭᠡᠯ ᠢ᠋ᠢᠡᠨ ᠪᠦᠳᠦᠭᠡᠬᠦ ᠶᠠᠪᠤᠴᠡ ᠳ᠋ᠡᠬᠢ ᠲᠦᠷᠦᠭᠳᠡᠯ ᠢ᠋ᠢᠡᠨ ᠬᠤᠪᠢᠶᠠᠯᠴᠠᠨ᠎ᠠ ᠃
ᠲᠤᠰ ᠵᠦᠴᠦᠭᠡ ᠢ᠋ᠢᠨ ᠦᠯᠢᠬᠡᠷ ᠨᠢ ᠠᠮᠢᠳᠤᠯᠢᠭ ᠪᠤᠳᠠᠳᠠᠢ ᠰᠡᠳᠬᠢᠯ ᠬᠦᠳᠡᠯᠬᠡᠮ᠎ᠠ ᠪᠠᠢᠵᠤ ᠂ ᠵᠦᠴᠦᠭᠡ ᠶ᠋ᠢᠨ ᠦᠢᠯᠡ ᠶᠠᠪᠤᠳᠠᠯ ᠨᠢ ᠬᠥᠮᠦᠰ ᠤ᠋ᠨ ᠠᠨᠭᠬᠠᠷᠤᠯ ᠢ᠋ ᠲᠠᠲᠠᠨ ᠂ ᠣᠷᠣᠨ ᠨᠤᠲᠤᠭ ᠤ᠋ᠨ ᠣᠨᠴᠠᠯᠢᠭ ᠢ᠋ ᠬᠦᠢᠴᠡᠳ ᠬᠠᠷᠠᠭᠤᠯᠤᠭᠰᠠᠨ ᠪᠠᠢᠨ᠎ᠠ ᠃ ᠦᠵᠡᠭᠴᠢᠳ ᠤ᠋ᠨ ᠰᠡᠳᠬᠢᠯᠬᠡ ᠲᠤᠭᠯᠠᠭᠴᠢ ᠢ᠋ᠢᠨ ᠲᠦᠷᠢ ᠢ᠋ᠢ ᠲᠠᠭᠠᠨ ᠬᠤᠪᠢᠷᠠᠵᠤ ᠂ ᠪᠠᠶᠠᠷᠯᠠᠬᠤ ᠳ᠋ᠤᠨᠢ ᠲᠡᠪᠬᠡᠷᠤᠨ ᠂ ᠭᠤᠨᠢᠭᠯᠠᠬᠤ ᠳ᠋ᠤᠨᠢ ᠨᠢᠯᠪᠤᠰᠤ ᠤᠨᠠᠭᠠᠵᠤ ᠂ ᠤᠶᠤᠨ ᠰᠡᠳᠬᠢᠯᠬᠡ ᠳ᠋ᠤᠨᠢ ᠨᠡᠪᠳᠡᠷᠡᠨ ᠠᠭᠤᠰᠤᠨ᠎ᠠ ᠃《ᠡᠨᠡ ᠵᠦᠴᠦᠭᠡ ᠢ᠋ᠢ ᠰᠤᠨᠢᠷᠬᠠᠭᠠᠳ ᠲᠤᠨᠭ᠌ ᠶᠡᠬᠡ ᠰᠡᠳᠬᠢᠯ ᠬᠦᠳᠡᠯᠵᠤ ᠪᠠᠢᠨ᠎ᠠ ᠃ ᠲᠤᠰ ᠵᠦᠴᠦᠬᠡ ᠳ᠋ᠤ ᠶᠠᠳᠠᠭᠤ ᠢ᠋ᠢ ᠲᠡᠳᠬᠦᠬᠦ ᠤᠢᠯᠡᠰ ᠲᠦ᠍ ᠤᠬᠠᠭᠠᠨ ᠬᠦᠴᠦ ᠪᠠᠨ ᠰᠢᠪᠬᠠᠵᠤ ᠂ ᠬᠦᠳᠡᠯᠮᠤᠷᠢ ᠲᠡᠮᠡᠴᠡᠯ ᠢ᠋ᠢᠡᠨ ᠵᠤᠷᠢᠭᠤᠯᠤᠭᠰᠠᠨ ᠡᠦ ᠬᠠᠨ ᠳ᠋ᠢᠨᠭ ᠢ᠋ ᠠᠮᠢᠯᠠᠭᠤᠯᠤᠨ ᠵᠦᠴᠦᠬᠡᠯᠡᠵᠡᠢ ᠃ ᠡᠤ ᠬᠠᠨ ᠳ᠋ᠢᠩ ᠪᠤᠯ ᠪᠢᠳᠡᠨ ᠤ᠋ ᠰᠤᠷᠤᠯᠴᠠᠭᠤᠰᠢᠳᠠᠢ ᠲᠠᠭᠤᠷᠢᠶᠠᠯ ᠮᠦᠨ ᠃ ᠦᠨᠡᠨ ᠪᠤᠳᠠᠳᠠᠢ ᠶᠠᠪᠤᠳᠠᠯ ᠢ᠋ᠢᠡᠷ ᠰᠡᠳᠤᠪᠯᠡᠭᠰᠡᠨ ᠡᠨᠡ ᠬᠦ᠌ ᠵᠦᠴᠦᠭᠡ ᠨᠢ ᠲᠠᠭᠤᠤ ᠬᠦᠭᠵᠢᠮ ᠂ ᠦᠯᠢᠬᠡᠷᠯᠢᠭ ᠤᠢᠯᠡ ᠶᠠᠪᠤᠳᠠᠯ ᠂ ᠬᠦᠰᠢᠬᠡᠨ ᠤ᠋ ᠦᠵᠡᠭᠳᠡᠯ ᠵᠡᠷᠭᠡ ᠵᠢ ᠴᠦᠮ ᠠᠮᠢᠳᠤᠯᠢᠭ ᠰᠠᠢᠬᠠᠨ ᠤᠶᠠᠯᠳᠤᠭᠤᠯᠪᠠ》ᠬᠡᠵᠤ ᠬᠦᠬᠡᠬᠤᠳᠡ ᠢ᠋ᠢᠨ ᠦᠵᠡᠭᠴᠢ ᠺᠸᠤ ᠵᠢᠨᠭ ᠶᠠᠷᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃