ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-14 09:54:28

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

8 ᠰᠠᠷ᠎ᠠ ᠵᠢᠨ 13 ᠤ᠋ ᠣᠷᠣᠢ᠂ ᠦᠪᠦᠷ ᠮᠣᠩᠭᠣᠯ ᠤ᠋ᠨ ᠣᠳᠬ᠎ᠠ ᠣᠷᠠᠯᠢᠬ ᠤ᠋ᠨ ᠬᠢᠨ ᠤ᠋ ᠬᠣᠯᠪᠣᠭ᠎ᠠ ᠡᠴᠡ ᠭᠣᠣᠯᠯᠠᠨ ᠡᠷᠬᠢᠯᠡᠵᠦ ᠂ ᠦᠪᠦᠷ ᠮᠣᠩᠭᠣᠯ ᠤ᠋ᠨ ᠲᠠᠭᠣᠣ ᠬᠦᠭᠵᠢᠮᠴᠢᠳ ᠤ᠋ᠨ ᠡᠪᠯᠡᠯ ᠪᠣᠯᠣᠨ ᠦᠪᠦᠷ ᠮᠣᠩᠭᠣᠯ ᠤ᠋ᠨ ᠷᠠᠳᠢᠣ᠋ ᠲᠸᠯᠸᠢᠰ ᠬᠣᠷᠢᠶ᠎ᠠ ᠡᠴᠡ ᠬᠠᠮᠲᠣᠷᠠᠵᠦ ᠲᠠᠭᠠᠭᠠᠴᠢᠯᠠᠨ ᠡᠷᠬᠢᠯᠡᠭᠰᠡᠨ ᠪᠦᠬᠦ ᠣᠷᠣᠨ ᠤ᠋ ᠦᠷᠬᠦᠭᠡ ᠵᠢᠨ ᠬᠦᠭᠵᠢᠮ ᠤ᠋ᠨ ᠣᠷᠣᠯᠲᠣᠭᠠᠨ ᠤ᠋ ᠱᠠᠩᠨᠠᠯ ᠬᠦᠷᠲᠡᠭᠰᠡᠨ ᠪᠦᠲᠦᠭᠡᠯ (ᠲᠠᠭᠣᠴᠢᠨ) ᠤ᠋ᠨ ᠲᠣᠬᠯᠠᠯᠲᠠ ᠦᠪᠦᠷ ᠮᠣᠩᠭᠣᠯ ᠤ᠋ᠨ ᠣᠯᠠᠭᠠᠨ ᠲᠢᠶᠠᠲᠷ ᠲᠦ᠍ ᠶᠠᠪᠣᠬᠲᠠᠪᠠ ᠃

《ᠮᠠᠬᠲᠠᠭᠠᠯ ᠲᠠᠭᠣᠣ ᠪᠠᠨ ᠨᠠᠮ ᠳ᠋ᠠᠭᠠᠨ ᠡᠷᠬᠦᠨ᠎ᠡ》 ᠂ 《ᠬᠦᠯᠦᠨ ᠪᠣᠢᠷ ᠤ᠋ᠨ ᠴᠠᠰᠣ》 ᠂ 《ᠪᠢᠲᠡᠨ ᠤ᠋ ᠣᠯᠭᠣᠶᠠ》 ᠵᠡᠷᠭᠡ ᠬᠡᠲᠦᠨ ᠬᠣᠭᠣᠴᠠᠭᠠᠨ ᠤ᠋ ᠪᠦᠬᠦ ᠣᠷᠣᠨ ᠤ᠋ ᠦᠷᠬᠦᠭᠡ ᠵᠢᠨ ᠬᠦᠭᠵᠢᠮ ᠤ᠋ᠨ ᠣᠷᠣᠯᠲᠣᠭᠠᠨ ᠳ᠋ᠦ ᠱᠠᠩᠨᠠᠯ ᠬᠦᠷᠲᠡᠭᠰᠡᠨ ᠪᠦᠲᠦᠭᠡᠯ ᠪᠣᠶᠣ ᠲᠠᠭᠣᠴᠢᠳ ᠤ᠋ᠨ ᠲᠠᠭᠣᠯᠠᠬᠰᠠᠨ ᠲᠠᠭᠣᠣ ᠵᠢ ᠪᠠᠬᠲᠠᠭᠠᠭᠰᠠᠨ ᠡᠨᠡ ᠬᠦ᠌ ᠲᠣᠬᠯᠠᠯᠲᠠ ᠪᠤᠯ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠴᠢᠬᠣᠯᠠ ᠨᠢᠭᠡ ᠠᠭᠣᠯᠭ᠎ᠠ ᠪᠤᠯᠤᠨ᠎ᠠ ᠃

ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠡᠯᠡᠩ ᠤ᠋ᠨ ᠣᠷᠠᠯᠢᠬ ᠤ᠋ᠨ ᠶᠡᠷᠦᠩᠬᠡᠢ ᠲᠠᠭᠠᠭᠠᠮᠠᠯ᠂ ᠦᠪᠦᠷ ᠮᠣᠩᠭᠣᠯ ᠤ᠋ᠨ ᠲᠠᠭᠣᠣ ᠬᠦᠭᠵᠢᠮᠴᠢᠳ ᠤ᠋ᠨ ᠡᠪᠯᠡᠯ ᠤ᠋ᠨ ᠲᠡᠷᠢᠬᠦᠯᠡᠭᠴᠢ ᠡᠷᠲᠡᠨᠢ ᠰᠣᠷᠪᠣᠯᠵᠢᠯᠠᠭ᠎ᠠ ᠬᠦᠯᠢᠶᠡᠬᠦ ᠳ᠋ᠡᠭᠡᠨ᠄ 《ᠡᠨᠡ ᠣᠲᠠᠭᠠᠨ ᠤ᠋ ᠲᠣᠬᠯᠠᠯᠲᠠ ᠵᠢᠨ ᠬᠡᠰᠡᠭ ᠪᠦᠲᠦᠭᠡᠯ ᠪᠣᠯ ᠪᠦᠬᠦ ᠣᠷᠣᠨ ᠤ᠋ ᠦᠷᠬᠦᠭᠡ ᠵᠢᠨ ᠬᠦᠭᠵᠢᠮ ᠤ᠋ᠨ ᠣᠷᠣᠯᠲᠣᠭᠠᠨ ᠳ᠋ᠦ ᠱᠠᠩᠨᠠᠯ ᠬᠦᠷᠲᠡᠭᠰᠡᠨ ᠪᠦᠲᠦᠭᠡᠯ᠂ ᠪᠠᠰᠠ ᠨᠢᠭᠡ ᠪᠦᠯᠦᠭ ᠨᠢ ᠪᠣᠯ ᠱᠠᠩᠨᠠᠯ ᠬᠦᠷᠲᠡᠭᠰᠡᠨ ᠲᠠᠭᠣᠴᠢᠳ ᠤ᠋ᠨ ᠲᠠᠭᠣᠯᠠᠬᠰᠠᠨ ᠲᠠᠭᠣᠣ ᠪᠣᠯᠣᠨ᠎ᠠ᠃ ᠡᠨᠡ ᠵᠢᠯ ᠪᠦᠬᠦ ᠣᠷᠣᠨ ᠤ᠋ ᠦᠷᠬᠦᠭᠡ ᠵᠢᠨ ᠬᠦᠭᠵᠢᠮ ᠤ᠋ᠨ ᠰᠢᠢᠳᠪᠦᠷᠢᠲᠦ ᠣᠷᠣᠯᠲᠣᠭᠠᠨ ᠢ᠋ ᠠᠩᠬ᠎ᠠ ᠣᠲᠠᠭ᠎ᠠ ᠰᠦᠯᠵᠢᠶ᠎ᠠ ᠪᠡᠷ ᠰᠢᠭᠣᠳ ᠨᠡᠪᠲᠡᠷᠡᠬᠦᠯᠦᠭᠰᠡᠨ ᠪᠦᠭᠡᠳ ᠣᠷᠣᠯᠲᠣᠭᠠᠨ ᠳ᠋ᠦ ᠣᠷᠣᠯᠴᠠᠬᠰᠠᠨ ᠲᠠᠭᠣᠴᠢᠳ ᠤ᠋ᠨ ᠣᠯᠣᠬᠰᠠᠨ ᠬᠣᠪᠢ ᠵᠢ ᠠᠬᠣᠢ ᠲᠠᠯᠠᠪᠠᠢ ᠳ᠋ᠦ ᠰᠢᠭᠣᠳ ᠦᠵᠡᠬᠦᠯᠬᠦ ᠬᠡᠯᠪᠡᠷᠢ ᠪᠡᠷ ᠶᠠᠪᠣᠬᠲᠠᠭᠣᠯᠵᠦ᠂ ᠣᠷᠣᠯᠲᠣᠭᠠᠨ ᠤ᠋ ᠡᠷᠭᠡ ᠲᠡᠭᠰᠢ᠂ ᠲᠦᠪ ᠭᠣᠣᠯᠴᠢ ᠵᠢ ᠪᠠᠲᠣᠯᠠᠵᠠᠢ᠃ ᠣᠷᠣᠯᠲᠣᠭᠠᠨ ᠳ᠋ᠦ ᠪᠦᠬᠦ ᠣᠷᠣᠨ ᠤ᠋ ᠡᠯ᠎ᠡ ᠠᠢᠮᠠᠬ ᠬᠣᠲᠠ ᠵᠢᠨ ᠣᠷᠠᠯᠢᠬ ᠤ᠋ᠨ ᠪᠦᠯᠬᠦᠮ ᠪᠣᠯᠣᠨ ᠣᠷᠠᠯᠢᠬ ᠤ᠋ᠨ ᠰᠣᠷᠭᠠᠭᠣᠯᠢ ᠡᠴᠡ ᠣᠯᠠᠨ ᠪᠦᠲᠦᠭᠡᠯ ᠰᠣᠩᠭᠣᠨ ᠲᠡᠪᠰᠢᠬᠦᠯᠵᠦ᠂ ᠣᠷᠠᠯᠢᠬ ᠤ᠋ᠨ ᠦᠨᠳᠦᠷ ᠲᠦᠪᠰᠢᠨ ᠢ᠋ ᠬᠠᠷᠠᠭᠣᠯᠪᠠ᠃ ᠣᠨᠴᠠᠭᠠᠢᠯᠠᠨ ᠭᠣᠢᠲᠠ ᠲᠠᠭᠣᠯᠠᠯᠭ᠎ᠠ ᠪᠣᠯᠣᠨ ᠦᠨᠳᠦᠰᠦᠲᠡᠨ ᠤ᠋ ᠲᠠᠭᠣᠯᠠᠯᠭ᠎ᠠ ᠵᠢᠨ ᠲᠠᠯ᠎ᠠ ᠪᠡᠷ ᠨᠡᠯᠢᠶᠡᠳ ᠦᠨᠳᠦᠷ ᠬᠡᠮᠵᠢᠶᠡᠨ ᠳ᠋ᠦ ᠬᠦᠷᠦᠭᠰᠡᠨ ᠢ᠋ ᠲᠣᠰ ᠣᠷᠣᠯᠲᠣᠭᠠᠨ ᠡᠴᠡ ᠮᠡᠳᠡᠵᠦ ᠪᠣᠯᠣᠨ᠎ᠠ᠃ ᠠᠭᠣᠯᠭ᠎ᠠ ᠵᠢᠨ ᠬᠣᠪᠢ ᠳ᠋ᠦ ᠲᠣᠬᠯᠠᠯᠲᠠ ᠵᠢᠨ ᠪᠦᠲᠦᠭᠡᠯ ᠨᠢ ᠡᠬᠡ ᠣᠯᠣᠰ ᠶ᠋ᠢᠡᠨ ᠮᠠᠬᠲᠠᠨ ᠲᠠᠭᠣᠯᠠᠵᠦ᠂ ᠠᠷᠠᠳ ᠲᠦᠮᠡᠨ ᠶ᠋ᠢᠡᠨ ᠣᠶᠠᠩᠭᠠᠯᠠᠵᠦ᠂ ᠰᠢᠨ᠎ᠡ ᠴᠠᠬ ᠦᠶ᠎ᠡ ᠪᠠᠨ ᠪᠠᠬᠠᠲᠣᠨ ᠲᠠᠭᠣᠯᠠᠬᠰᠠᠨ ᠶ᠋ᠢᠡᠷ ᠭᠣᠣᠯᠲᠠᠵᠠᠢ》 ᠭᠡᠮᠡᠨ ᠶᠠᠷᠢᠨ᠎ᠠ ᠃

ᠦᠪᠦᠷ ᠮᠣᠩᠭᠣᠯ ᠤ᠋ᠨ ᠪᠠᠬᠰᠢ ᠵᠢᠨ ᠶᠡᠬᠡ ᠰᠣᠷᠭᠠᠭᠣᠯᠢ ᠵᠢᠨ ᠵᠠᠯᠠᠭᠣ ᠪᠠᠬᠰᠢ ᠴᠠᠰᠣᠨ᠎ᠠ ᠡᠨᠡ ᠣᠲᠠᠭ᠎ᠠ ᠵᠢᠨ ᠲᠣᠬᠯᠠᠯᠲᠠ ᠳ᠋ᠦ 《ᠪᠢᠲᠡᠨ ᠤ᠋ ᠣᠯᠭᠣᠶᠠ》 ᠭᠡᠬᠦ ᠲᠠᠭᠣᠣ ᠵᠢ ᠲᠠᠭᠣᠯᠠᠬᠰᠠᠨ ᠪᠠᠢᠨ᠎ᠠ᠃ 《ᠡᠨᠡ ᠬᠦ᠌ ᠲᠣᠬᠯᠠᠯᠲᠠ ᠪᠡᠷ ᠲᠠᠮᠵᠢᠨ ᠪᠢᠲᠡᠨ ᠤ᠋ ᠵᠠᠯᠠᠭᠣ ᠨᠢᠭᠡ ᠦᠶ᠎ᠡ ᠵᠢᠨ ᠬᠢᠨ ᠳ᠋ᠦ ᠦᠪᠡᠷ ᠤ᠋ᠨ ᠰᠣᠷᠣᠬᠰᠠᠨ ᠶ᠋ᠢᠡᠨ ᠰᠢᠯᠭᠠᠵᠦ᠂ ᠦᠵᠡᠭᠴᠢ ᠣᠯᠠᠨ ᠳ᠋ᠦ ᠡᠵᠡᠮᠰᠢᠭᠰᠡᠨ ᠶ᠋ᠢᠡᠨ ᠮᠡᠲᠡᠷᠡᠬᠦᠯᠬᠦ ᠵᠠᠪᠰᠢᠶᠠᠨ ᠣᠯᠭᠣᠬᠰᠠᠨ ᠳ᠋ᠦ ᠪᠠᠶᠠᠷᠯᠠᠨ ᠲᠠᠯᠠᠷᠬᠠᠵᠦ ᠪᠠᠢᠨ᠎ᠠ᠃ ᠪᠢ ᠲᠡᠬᠦᠰᠬᠦ ᠦᠬᠦᠯᠡᠯ ᠶ᠋ᠢᠡᠨ ᠣᠯᠭᠣᠶᠠ ᠵᠢᠨ ᠠᠷᠠᠳ ᠤ᠋ᠨ ᠲᠠᠭᠣᠣ ᠵᠢᠨ ᠰᠡᠲᠦᠪ ᠶ᠋ᠢᠡᠷ ᠪᠢᠴᠢᠭᠰᠡᠨ᠃ ᠠᠷᠠᠳ ᠤ᠋ᠨ ᠲᠠᠭᠣᠣ ᠪᠣᠯ ᠠᠮᠠ ᠪᠡᠷ ᠲᠠᠮᠵᠢᠨ ᠣᠯᠠᠮᠵᠢᠯᠠᠲᠠᠬ ᠣᠷᠠᠯᠢᠬ ᠶᠣᠮ᠃ ᠣᠯᠭᠣᠶᠠ ᠵᠢᠨ ᠠᠷᠠᠳ ᠤ᠋ᠨ ᠲᠠᠭᠣᠣ ᠵᠢ ᠣᠨᠣᠪᠴᠢᠲᠠᠢ ᠰᠣᠷᠴᠣ ᠡᠵᠡᠮᠰᠢᠬᠦ ᠵᠢᠨ ᠲᠦᠯᠦᠭᠡ ᠪᠢ ᠬᠦᠯᠦᠨ ᠪᠣᠢᠷ ᠲᠦ᠍ ᠬᠦᠷᠴᠦ᠂ ᠦᠪᠡᠷᠲᠡᠭᠡᠨ ᠵᠠᠰᠠᠬᠣ ᠣᠷᠣᠨ ᠤ᠋ ᠲᠡᠰ ᠤ᠋ᠨ ᠪᠣᠲᠠᠰ ᠤ᠋ᠨ ᠪᠣᠰᠣ ᠰᠣᠶᠣᠯ ᠤ᠋ᠨ ᠦᠪ ᠤ᠋ᠨ ᠣᠯᠠᠮᠵᠢᠯᠠᠬᠴᠢ ᠵᠢ ᠲᠠᠭᠠᠵᠦ ᠣᠯᠭᠣᠶᠠ ᠠᠷᠠᠳ ᠤ᠋ᠨ ᠲᠠᠭᠣᠣ ᠲᠠᠭᠣᠯᠠᠬᠣ ᠣᠷ᠎ᠠ ᠮᠡᠷᠭᠡᠵᠢᠯ ᠢ᠋ ᠡᠵᠡᠮᠰᠢᠭᠰᠡᠨ ᠪᠠᠢᠨ᠎ᠠ᠃ ᠡᠨᠡ ᠦᠳᠡᠰᠢ ᠠᠶ᠎ᠠ ᠲᠠᠭᠣᠣ ᠪᠡᠷ ᠵᠢᠡᠨ ᠦᠪᠡᠷ ᠤ᠋ᠨ ᠰᠡᠳᠬᠢᠯᠭᠡ ᠪᠠᠨ ᠢᠯᠡᠷᠡᠬᠦᠯᠦᠭᠰᠡᠨ ᠳ᠋ᠤ ᠮᠠᠰᠢ ᠪᠠᠶᠠᠷᠯᠠᠵᠤ ᠪᠠᠢᠨ᠎ᠠ》 ᠭᠡᠵᠦ ᠲᠣᠬᠲᠣᠯᠣᠨ ᠶᠠᠷᠢᠵᠦ ᠪᠠᠢᠯ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面