2022-08-16 09:34:20
8 ᠰᠠᠷ᠎ᠠ ᠵᠢᠨ 15 ᠤ᠋ ᠤᠷᠤᠢ ᠂ ᠦᠪᠦᠷ ᠮᠤᠨᠭᠭᠤᠯ ᠤ᠋ᠨ ᠲᠢᠶᠠᠨ ᠱᠢᠩ ᠵᠢᠶᠠᠨ ᠤᠯᠠᠨ ᠤᠯᠤᠰ ᠤ᠋ᠨ ᠰᠤᠶᠤᠯ ᠵᠠᠭᠤᠴᠢ ᠵᠢᠨ ᠺᠤᠮᠫᠠᠨᠢ ᠡᠴᠡ ᠵᠤᠬᠢᠶᠠᠨ ᠪᠦᠳᠦᠬᠡᠵᠤ ᠲᠤᠭᠯᠠᠭᠰᠠᠨ《ᠱᠧᠩ ᠯᠸ ᠵᠢᠨ ᠴᠠᠬ ᠦᠶ᠎ᠠ》ᠬᠡᠮᠡᠬᠦ ᠲᠡᠥᠬᠡᠨ ᠰᠡᠳᠦᠪᠳᠦ ᠳᠠᠭᠤᠤ ᠬᠦᠭᠵᠢᠮᠳᠦ ᠵᠦᠴᠦᠭᠡ ᠬᠦᠬᠡᠬᠤᠳᠠ ᠵᠢᠨ ᠦᠨᠳᠦᠰᠦᠳᠡᠨ ᠤ᠋ ᠲᠢᠶᠠᠲ᠋ᠷ ᠲᠦ᠍ ᠶᠠᠪᠤᠭᠳᠠᠵᠤ ᠂ ᠮᠢᠩᠭᠠᠨ ᠤᠨ ᠤ᠋ ᠦᠢᠯᠡ ᠬᠡᠷᠡᠭ ᠢ᠋ ᠵᠦᠴᠦᠬᠡ ᠪᠡᠷ ᠬᠦᠥᠷᠨᠢᠨ ᠂ ᠤᠯᠠᠨ ᠦᠨᠳᠦᠰᠦᠳᠡᠨ ᠤ᠋ ᠠᠭᠤᠰᠤᠯᠴᠠᠯ ᠬᠦᠭᠵᠢᠯ ᠢ᠋ ᠲᠡᠥᠬᠡ ᠵᠢᠨ ᠬᠠᠭᠤᠳᠠᠰᠤᠨ ᠡᠴᠡ ᠲᠠᠨᠢᠭᠤᠯᠤᠭᠰᠠᠨ ᠪᠠᠢᠨ᠎ᠠ ᠃
ᠲᠠᠪᠭᠠᠴᠠ ᠬᠦᠢ ᠤᠮᠠᠷᠠᠲᠤ ᠸᠧᠶ ᠤᠯᠤᠰ ᠢ᠋ ᠪᠠᠢᠭᠤᠯᠤᠭ᠍ᠰᠠᠨ ᠦᠢᠯᠡ ᠬᠡᠷᠡᠭ ᠵᠢᠡᠷ ᠲᠡᠦᠬᠡᠨ ᠠᠬᠤᠶ ᠪᠠᠢᠳᠠᠯ ᠪᠠ ᠪᠣᠷᠣ ᠮᠠᠲ᠋ᠧᠷᠢᠶᠠᠯ ᠪᠣᠯᠭᠠᠨ ᠵᠣᠬᠢᠶᠠᠨ ᠪᠦᠲᠦᠭᠡᠵᠦ᠍ ᠲᠤᠭᠯᠠᠭᠰᠠᠨ ᠡᠨᠡ ᠬᠦ᠌ ᠲᠠᠭᠤᠤ ᠬᠦᠭᠵᠢᠮᠳᠤ ᠵᠦᠴᠦᠬᠡ ᠪᠤᠯ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠴᠢᠬᠣᠯᠠ ᠨᠢᠭᠡ ᠠᠭᠣᠯᠭ᠎ᠠ ᠪᠠᠢᠵᠤ ᠂《ᠣᠷᠣᠱᠢᠯ(ᠱᠢᠶᠡᠨᠪᠢ ᠶ᠋ᠢᠨ ᠡᠭᠦᠰᠦᠯ)》᠂《ᠨᠢᠤ ᠴᠤᠸᠠᠨ ᠤᠯᠤᠰ ᠵᠢᠡᠨ ᠰᠡᠷᠭᠦᠭᠡᠭ᠌ᠰᠡᠨ ᠨᠢ》᠂《ᠱᠧᠩ ᠯᠸ ᠳ᠋ᠤ ᠨᠡᠢᠰᠯᠡᠭᠰᠡᠨ ᠨᠢ》᠂《ᠺᠦ ᠳ᠋ᠦᠸᠸ ᠶ᠋ᠢᠨ ᠤᠷᠪᠠᠯᠭᠠᠨ》᠂《ᠼᠠᠨ ᠾᠸ ᠫᠦᠸᠸ ᠶ᠋ᠢᠨ ᠪᠠᠢᠯᠳᠤᠭᠠᠨ》᠂《ᠲᠡᠭᠦᠰᠭᠡᠯ(ᠠᠭᠤᠰᠤᠯᠴᠠᠯ)》ᠵᠡᠷᠭᠡ ᠵᠢᠷᠭᠤᠭᠠᠨ ᠬᠡᠰᠡᠭ ᠵᠢᠡᠷ ᠪᠦᠷᠢᠯᠳᠦᠵᠡᠶ ᠃
ᠳᠠᠯᠠᠪᠠᠢ ᠲᠦᠬᠦᠷᠡᠩ ᠦᠵᠡᠭᠴᠢᠳ ᠰᠡᠳᠬᠢᠯ ᠳᠠᠯᠪᠢᠨ ᠵᠦᠴᠦᠭᠡ ᠰᠤᠨᠢᠷᠬᠠᠵᠦ ᠂ ᠤᠮᠠᠷᠠᠳᠦ ᠵᠢᠨ ᠨᠡᠬᠦᠳᠡᠯᠴᠢᠨ ᠦᠨᠳᠦᠰᠦᠳᠡᠨ ᠤ᠋ ᠮᠠᠨᠳᠤᠯ ᠪᠠᠭᠤᠷᠠᠯ ᠤ᠋ᠨ ᠲᠡᠥᠬᠡ ᠵᠢ ᠤᠢᠯᠠᠭᠠᠵᠤ ᠰᠠᠭᠤᠨ᠎ᠠ ᠃ ᠵᠦᠴᠦᠭᠡ ᠵᠢᠨ ᠬᠦᠢᠴᠡᠳᠬᠡᠬᠦ ᠤᠳᠤᠷᠢᠳᠤᠭᠠᠴᠢ ᠶᠠᠩ ᠶᠠ ᠬᠤᠢ ᠄《ᠲᠤᠰ ᠵᠦᠴᠦᠭᠡ ᠨᠢ ᠲᠠᠪᠭᠠᠴᠠ ᠬᠦᠢ ᠵᠢᠨ 16 ᠨᠠᠰᠤᠳᠠᠢ ᠳ᠋ᠠᠭᠠᠨ ᠤᠯᠠᠨ ᠠᠢᠮᠠᠭ ᠪᠦᠯᠦᠭ ᠢ᠋ ᠨᠢᠭᠡᠳᠬᠡᠵᠦ ᠂ ᠶᠡᠬᠡ ᠦᠢᠯᠡᠰ ᠢ᠋ ᠪᠦᠳᠦᠭᠡᠭᠰᠡᠨ ᠦᠯᠢᠬᠡᠷ ᠵᠢᠡᠷ ᠲᠠᠮᠵᠢᠨ ᠤᠯᠠᠨ ᠦᠨᠳᠦᠰᠦᠳᠡᠨ ᠤ᠋ ᠨᠡᠢᠯᠡᠯ ᠠᠭᠤᠰᠤᠯᠴᠠᠯ ᠢ᠋ ᠪᠤᠢ ᠪᠤᠯᠭᠠᠭᠰᠠᠨ ᠪᠠ ᠡᠯ᠎ᠡ ᠦᠨᠳᠦᠰᠦᠳᠡᠨ ᠤ᠋ ᠰᠢᠯᠢᠳᠡᠭ ᠳᠠᠯ᠎ᠠ ᠵᠢ ᠰᠢᠩᠭᠡᠭᠡᠨ ᠠᠪᠴᠤ ᠂ ᠤᠯᠤᠰ ᠤᠷᠤᠨ ᠤ᠋ ᠪᠦᠳᠦᠭᠡᠨ ᠪᠠᠢᠭᠤᠯᠤᠯᠳᠠ ᠪᠠ ᠬᠦᠭᠵᠢᠯ ᠴᠡᠴᠡᠭᠯᠡᠯ ᠳ᠋ᠤ ᠠᠰᠢᠭᠯᠠᠭᠰᠠᠨ ᠢ᠋ ᠦᠵᠡᠬᠦᠯᠦᠭᠰᠡᠨ ᠶᠤᠮ》ᠭᠡᠵᠦ ᠳᠠᠢᠯᠪᠤᠷᠢᠯᠠᠯᠠ ᠃
— ᠡᠢᠮᠦᠷᠬᠦᠦ ᠦᠨᠳᠦᠰᠦᠳᠡᠨ ᠤ᠋ ᠲᠡᠥᠬᠡᠨ ᠰᠡᠳᠦᠪᠳᠦ ᠵᠦᠴᠦᠭᠡ ᠳ᠋ᠤ ᠳᠠᠭᠤᠯᠠᠬᠤ ᠂ ᠪᠦᠵᠢᠭᠯᠡᠬᠦ ᠂ ᠤᠶᠠᠩᠭᠠᠯᠠᠬᠤ ᠂ ᠶᠤᠰᠤᠯᠠᠯ ᠬᠦᠢᠴᠡᠬᠡᠬᠦ ᠭᠡᠳ ᠠᠷᠪᠢᠨ ᠮᠡᠷᠭᠡᠵᠢᠯ ᠱᠠᠭᠠᠷᠳᠠᠳᠠᠭ ᠃
ᠦᠶ᠎ᠡ ᠦᠶ᠎ᠡ ᠨᠢᠵᠢᠬᠢᠨᠡᠬᠦ ᠠᠯᠠᠭ᠎ᠠ ᠳᠠᠰᠢᠯᠳᠠ ᠵᠢᠨ ᠲᠤᠮᠳᠠ ᠦᠵᠡᠭᠴᠢᠳ ᠡᠢᠨ ᠬᠦ᠌ ᠨᠠᠮ ᠬᠡᠯᠡᠯᠴᠡᠨ ᠪᠠᠬᠠᠳᠠᠢ ᠰᠤᠨᠢᠷᠬᠠᠵᠠᠭᠠᠨᠠ ᠃
《ᠤᠯᠠᠨ ᠤ᠋ ᠦᠬᠡ ᠤᠷᠤ ᠲᠠᠢ ᠂ ᠤᠷᠤᠢ ᠵᠢᠨ ᠪᠤᠷᠭᠠᠰᠤ ᠤᠴᠢ ᠲᠠᠢ》ᠬᠡᠳᠡᠭ ᠵᠢᠡᠷ ᠦᠵᠡᠭᠴᠢᠳ ᠤ᠋ᠨ ᠬᠡᠯᠡᠯᠴᠡᠵᠦ ᠪᠠᠢᠭᠰᠠᠨ ᠦᠬᠡ ᠵᠦᠪ ᠤᠨᠤᠪᠴᠢᠳᠠᠢ ᠭᠡᠳᠡᠭ ᠢ᠋ ᠵᠦᠴᠦᠭᠡ ᠵᠢᠨ ᠡᠮᠡᠭᠳᠡᠢ ᠭᠤᠤᠯ ᠲᠦᠷᠢ ᠵᠢ ᠲᠤᠭᠯᠠᠭᠰᠠᠨ ᠢᠥᠢᠴᠢᠥᠧᠠᠨ ᠲᠤᠭᠤᠷᠢᠭ ᠤ᠋ᠨ ᠤᠯᠠᠭᠠᠨᠮᠦ᠋ᠴᠢᠷ ᠤ᠋ᠨ ᠵᠤᠤ ᠱᠸ᠋ ᠵᠧᠨ ᠤ᠋ ᠦᠬᠡ ᠡᠴᠡ ᠮᠡᠳᠡᠯ᠎ᠡ ᠃ ᠲᠡᠷᠡ ᠄《ᠳᠠᠭᠤᠤ ᠬᠦᠭᠵᠢᠮᠳᠦ ᠵᠦᠴᠦᠭᠡ ᠵᠢ ᠲᠤᠭᠯᠠᠬᠤ ᠳ᠋ᠤ ᠮᠡᠷᠭᠡᠵᠢᠯ ᠤ᠋ᠨ ᠱᠠᠭᠠᠷᠳᠠᠯᠭ᠎ᠠ ᠮᠠᠰᠢ ᠦᠨᠳᠦᠷ ᠶᠤᠮ ᠃ ᠲᠤᠰ ᠵᠦᠴᠦᠬᠡ ᠵᠢᠨ ᠲᠤᠭᠯᠠᠯᠳᠠ ᠳ᠋ᠤ ᠮᠤᠷᠢᠨ ᠬᠤᠭᠤᠷ ᠂ ᠮᠤᠨᠭᠭᠤᠯ ᠪᠦᠵᠢᠭ ᠢ᠋ ᠤᠷᠤᠭᠤᠯᠤᠭᠰᠠᠨ ᠨᠢ ᠨᠡᠩ ᠦᠪᠡᠷᠮᠢᠴᠡ ᠤᠨᠴᠠᠯᠢᠭ ᠲᠠᠢ ᠪᠤᠯᠤᠯ᠎ᠠ》ᠭᠡᠵᠦ ᠶᠠᠷᠢᠨ᠎ᠠ ᠃
ᠲᠠᠪᠭᠠᠴᠠ ᠱᠢᠶᠡᠨᠪᠢ ᠶ᠋ᠢᠨ ᠪᠠᠢᠭᠤᠯᠤᠭ᠍ᠰᠠᠨ ᠤᠮᠠᠷᠠᠲᠤ ᠸᠧᠶ ᠤᠯᠤᠰ《ᠠᠷᠪᠠᠨ ᠵᠢᠷᠭᠤᠭᠠᠨ ᠤᠯᠤᠰ》 ᠤ᠋ᠨ ᠰᠠᠮᠠᠭᠤᠷᠠᠯ ᠢ᠋ ᠡᠴᠦᠰᠯᠡᠭᠦᠯᠵᠦ᠍ ᠂ ᠦᠨᠳᠦᠰᠦᠲᠡᠨ ᠤ᠋ ᠠᠭᠤᠰᠤᠯᠴᠠᠯ ᠬᠦᠭᠵᠢᠯ ᠪᠠ ᠡᠶ᠎ᠡ ᠵᠣᠬᠢᠴᠠᠯ ᠲᠠᠶ ᠪᠡᠷ ᠵᠡᠷᠭᠡᠴᠡᠨ ᠣᠷᠣᠱᠢᠬᠤ ᠵᠠᠮ ᠢ᠋ ᠨᠡᠭᠡᠭᠡᠵᠦ᠍ ᠂ ᠰᠦᠶ ᠤᠯᠤᠰ ᠲᠠᠩ ᠤᠯᠤᠰ ᠤ᠋ᠨ ᠪᠠᠳᠠᠷᠠᠯᠲᠤ ᠲᠥᠷᠥ ᠵᠢ ᠪᠠᠢᠭᠤᠯᠬᠤ ᠳ᠋ᠤ ᠰᠠᠭᠤᠷᠢ ᠪᠤᠯᠵᠦ ᠂ ᠠᠯᠤᠰ ᠬᠡᠳᠦ᠍ ᠶ᠋ᠢᠨ ᠨᠥᠯᠥᠭᠡ ᠨᠢ ᠦᠶ᠎ᠠ ᠲᠠᠮᠵᠢᠨ ᠦᠷᠬᠦᠯᠵᠢᠯᠡᠭᠰᠡᠭᠡᠷ ᠃ ᠲᠤᠰ ᠵᠦᠴᠦᠬᠡ ᠡᠨᠡ ᠬᠦ᠌ ᠲᠡᠦᠬᠡ ᠶ᠋ᠢᠨ ᠦᠨᠡᠨ ᠢ᠋ ᠬᠦᠨᠳᠡᠵᠦ ᠂ ᠱᠢᠨ᠎ᠡ ᠴᠠᠭ ᠦᠶ᠎ᠡ ᠶ᠋ᠢᠨ ᠬᠠᠷᠠᠭᠠᠰᠤ ᠡᠴᠡ ᠬᠥᠮᠦᠨ ᠤ᠋ ᠵᠠᠩ ᠴᠢᠨᠠᠷ ᠢ᠋ ᠵᠠᠳᠠᠯᠵᠤ ᠂ ᠬᠥᠮᠦᠨ ᠤ᠋ ᠲᠦᠷᠢ ᠶ᠋ᠢ ᠵᠢᠷᠤᠭ᠍ᠯᠠᠬᠤᠶ᠋ᠢᠨ ᠤᠯᠠᠮ ᠵᠢᠡᠷ ᠳᠤᠮᠳᠠᠳᠤᠶ᠋ᠢᠨ ᠪᠣᠯᠪᠠᠰᠤᠨ ᠤ᠋ ᠤᠯᠠᠨ ᠡᠱᠢᠵᠢᠵᠤ ᠨᠢᠭᠡ ᠴᠤᠬ᠍ᠴᠠᠵᠢᠬ᠍ᠰᠡᠨ ᠪᠠᠢᠷᠢᠱᠢᠯ ᠤ᠋ᠨ ᠪᠦᠷᠢᠯᠳᠦᠬᠰᠡᠨ ᠶᠠᠪᠤᠴᠠ ᠶ᠋ᠢ ᠤᠷᠠᠯᠢᠭ ᠤ᠋ᠨ ᠬᠡᠯᠪᠡᠷᠢ ᠪᠡᠷ ᠲᠠᠢᠯᠪᠤᠷᠢᠯᠠᠭᠰᠠᠨ ᠪᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃