ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-18 09:17:09

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠢᠳᠡ ᠬᠦᠭ ᠲᠠᠢ ᠶᠠᠪᠤᠭᠳᠠᠵᠦ ᠂ ᠮᠠᠨ ᠤ᠋ ᠤᠷᠤᠨ ᠪᠤᠯᠤᠨ ᠪᠦᠬᠦ ᠤᠯᠤᠰ ᠤ᠋ᠨ ᠰᠤᠩᠭᠤᠳᠠᠭ ᠲᠤᠭᠯᠠᠯᠳᠠ ᠨᠤᠭᠤᠳ ᠨᠢ ᠦᠵᠡᠭᠴᠢᠳ ᠤ᠋ᠨ ᠲᠤᠮᠳᠠ ᠬᠠᠯᠠᠭᠤᠨ ᠲᠤᠰᠬᠠᠯ ᠭᠠᠷᠴᠦ ᠂ 《ᠤᠷᠠᠯᠢᠭ ᠤ᠋ᠨ ᠦᠪᠡᠳᠡᠭᠰᠢ ᠴᠤᠭᠯᠠᠭᠠᠨ ᠠᠷᠠᠳ ᠲᠦᠮᠡᠨ ᠤ᠋ ᠨᠢᠵᠢᠬᠢᠷ ᠪᠠᠶᠠᠷ》 ᠤ᠋ᠨ ᠨᠠᠢᠷ ᠡᠷᠬᠢᠯᠡᠬᠦ ᠵᠤᠷᠢᠯᠳᠠ ᠰᠡᠳᠬᠢᠯᠴᠢᠯᠡᠨ ᠪᠡᠶᠡᠯᠡᠭᠳᠡᠵᠦ ᠪᠠᠢᠬᠤ ᠶ᠋ᠢᠨ ᠤᠯᠠᠮ ᠵᠢᠡᠷ ᠂ ᠠᠷᠠᠳ ᠲᠦᠮᠡᠨ ᠤ᠋ ᠤᠶᠤᠨ ᠤ᠋ ᠠᠮᠢᠳᠤᠷᠠᠯ ᠂ ᠰᠤᠶᠤᠯ ᠤ᠋ᠨ ᠬᠡᠷᠡᠭᠴᠡᠬᠡ ᠵᠢ ᠬᠠᠩᠭᠠᠵᠦ ᠂ ᠨᠠᠮ ᠤ᠋ᠨ ᠬᠤᠷᠢᠳᠤᠭᠠᠷ ᠶᠡᠬᠡ ᠬᠤᠷᠠᠯ ᠢ᠋ ᠤᠭᠳᠤᠬᠤ ᠳ᠋ᠤ ᠬᠦᠨ ᠵᠤᠵᠠᠭᠠᠨ ᠰᠤᠶᠤᠯ ᠤᠷᠠᠯᠢᠭ ᠤ᠋ᠨ ᠠᠭᠤᠷ ᠠᠮᠢᠰᠬᠤᠯ ᠢ᠋ ᠪᠤᠢ ᠪᠤᠯᠭᠠᠯ᠎ᠠ᠃

8 ᠰᠠᠷ᠎ᠠ ᠵᠢᠨ 17 ᠤ᠋ ᠡᠳᠤᠷ ᠪᠤᠯᠳᠠᠯ᠎ᠠ ᠲᠤᠰ ᠬᠤᠭᠤᠴᠠᠭᠠᠨ ᠤ᠋ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ 25 ᠠᠵᠢᠯᠯᠠᠭ᠎ᠠ ᠡᠴᠡ 15 ᠠᠵᠢᠯᠯᠠᠭ᠎ᠠ ᠨᠢ ᠨᠢᠬᠡᠨᠳᠡ ᠠᠮᠵᠢᠯᠳᠠ ᠲᠠᠢ ᠶᠠᠪᠤᠭᠳᠠᠵᠤ ᠂ ᠤᠢᠷ᠎ᠠ ᠵᠢᠨ ᠡᠳᠤᠷ ᠲᠦ᠍ 《ᠳᠠᠯ᠎ᠠ ᠨᠤᠲᠤᠭ ᠤ᠋ᠨ ᠠᠷᠠᠳ ᠲᠦᠮᠡᠨ ᠡᠬᠡ ᠤᠯᠤᠰ ᠵᠢᠡᠨ ᠮᠠᠭᠳᠠᠨ ᠳᠠᠭᠤᠯᠠᠨ᠎ᠠ》 ᠂ 《ᠮᠤᠷᠢᠲᠦ ᠴᠡᠷᠢᠭ》 ᠂ 《ᠱᠢᠶᠤᠤ ᠡᠯ ᠡᠾᠸᠢ ᠬᠤᠷᠢᠮᠯᠠᠭ᠍ᠰᠠᠨ ᠨᠢ》 ᠵᠡᠷᠬᠡ ᠰᠤᠳᠤᠨ ᠲᠤᠭᠯᠠᠯᠳᠠ ᠵᠠᠯᠭᠠᠭ᠎ᠠ ᠪᠡᠷ ᠶᠠᠪᠤᠭᠳᠠᠬᠤ ᠪᠤᠯᠤᠨ᠎ᠠ᠃

8 ᠰᠠᠷ᠎ᠠ ᠶ᠋ᠢᠨ 19 ᠪᠤᠯᠤᠨ 20 ᠤ᠋ ᠤᠷᠤᠢ 《ᠳᠠᠯ᠎ᠠ ᠨᠤᠲᠤᠭ ᠤ᠋ᠨ ᠠᠷᠠᠳ ᠲᠦᠮᠡᠨ ᠡᠬᠡ ᠤᠯᠤᠰ ᠵᠢᠡᠨ ᠮᠠᠭᠳᠠᠨ ᠳᠠᠭᠤᠯᠠᠨ᠎ᠠ》 ᠭᠡᠬᠦ ᠮᠤᠷᠢᠨ ᠬᠤᠭᠤᠷ ᠤ᠋ᠨ ᠲᠤᠰᠬᠠᠢ ᠳᠠᠯᠠᠪᠠᠢ ᠳᠠᠭᠤᠤ ᠬᠦᠭᠵᠢᠮ ᠤ᠋ᠨ ᠴᠤᠭᠯᠠᠭᠠᠨ ᠬᠦᠬᠡᠬᠤᠳᠠ ᠳ᠋ᠡᠬᠢ ᠦᠪᠤᠷ ᠮᠤᠩᠭᠤᠯ ᠤ᠋ᠨ ᠤᠯᠠᠭᠠᠨ ᠲᠢᠶᠠᠲ᠋ᠷ ᠲᠦ᠍ ᠬᠤᠶᠠᠷ ᠲᠠᠯᠠᠪᠠᠢ ᠶᠠᠪᠤᠭᠳᠠᠵᠦ ᠂ ᠳᠤᠮᠳᠠᠳᠤ ᠤᠯᠤᠰ ᠤ᠋ᠨ ᠦᠦᠱᠢᠨ ᠮᠣᠷᠢᠨ ᠬᠤᠭᠤᠷ ᠤ᠋ᠨ ᠰᠢᠮᠫᠤᠨᠢ ᠬᠥᠭ᠌ᠵᠢᠮ ᠤ᠋ᠨ ᠪᠦᠯᠬᠦᠮ ᠡᠴᠡ ᠭᠤᠤᠯᠴᠢᠯᠠᠨ ᠲᠤᠭᠯᠠᠨ᠎ᠠ ᠃ ᠳᠠᠭᠤᠤ ᠬᠥᠭ᠌ᠵᠢᠮ ᠤ᠋ᠨ ᠴᠤᠭ᠍ᠯᠠᠭᠠᠨ ᠳ᠋ᠤ ᠥᠩᠭᠡᠷᠡᠭ᠌ᠰᠡᠨ ᠤ᠋ ᠰᠣᠩᠭᠣᠳᠠᠭ ᠬᠦᠭᠵᠢᠮ ᠪᠤᠯᠤᠨ ᠲᠡᠯᠡᠬᠡᠢ ᠶ᠋ᠢᠨ ᠨᠡᠷᠡᠲᠤ ᠬᠦᠭᠵᠢᠮ ᠢ᠋ ᠬᠦᠭᠵᠢᠮᠳᠡᠨ ᠂ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠰᠣᠩᠭᠣᠳᠠᠭ ᠬᠦᠭᠵᠢᠮ ᠪᠤᠯᠤᠨ ᠲᠠᠯ᠎ᠠ ᠨᠤᠲᠤᠭ ᠤ᠋ᠨ ᠳᠠᠭᠤᠤ ᠬᠥᠭ᠌ᠵᠢᠮ ᠤ᠋ᠨ ᠲᠣᠪᠣᠢᠮ᠎ᠠ ᠣᠨᠴᠠᠯᠢᠭ ᠢ᠋ ᠬᠠᠷᠠᠭᠤᠯᠵᠦ ᠂ ᠮᠣᠷᠢᠨ ᠬᠤᠭᠤᠷ ᠤ᠋ᠨ ᠨᠠᠢᠷᠠᠯ ᠬᠥᠭ᠌ᠵᠢᠮ ᠵᠢᠡᠷ ᠲᠠᠯ᠎ᠠ ᠨᠤᠲᠤᠭ ᠵᠢᠡᠨ ᠮᠠᠭ᠍ᠲᠠᠨ ᠳᠠᠭᠤᠯᠠᠵᠦ ᠂ ᠠᠭᠤᠤ ᠶᠡᠬᠡ ᠨᠠᠮ ᠪᠠ ᠡᠬᠡ ᠣᠷᠣᠨ ᠤ᠋ ᠪᠠᠨ ᠬᠥᠭ᠌ᠵᠢᠯ ᠪᠠᠳᠠᠷᠠᠯ ᠢ᠋ ᠮᠠᠭ᠍ᠲᠠᠨ ᠳᠠᠭᠤᠯᠠᠬᠤ ᠪᠤᠯᠤᠨ᠎ᠠ᠃

ᠪᠦᠵᠢᠭᠳᠤ ᠵᠦᠴᠦᠬᠡ 《ᠮᠤᠷᠢᠲᠦ ᠴᠡᠷᠢᠭ》 ᠨᠢ ᠮᠠᠨ ᠤ᠋ ᠤᠷᠤᠨ ᠤ᠋ ᠰᠢᠯᠢᠳᠡᠭ ᠲᠤᠭᠯᠠᠯᠳᠠ ᠶ᠋ᠢᠨ ᠬᠤᠪᠢ ᠪᠡᠷ 8 ᠰᠠᠷ᠎ᠠ ᠶ᠋ᠢᠨ 22 ᠪᠤᠯᠤᠨ 23 ᠤ᠋ ᠤᠷᠤᠢ ᠬᠦᠬᠡᠬᠤᠳᠡ ᠳ᠋ᠡᠬᠢ ᠦᠪᠤᠷ ᠮᠤᠩᠭᠤᠯ ᠤ᠋ᠨ ᠤᠷᠠᠯᠢᠭ ᠵᠦᠴᠦᠬᠡ ᠵᠢᠨ ᠬᠦᠷᠢᠶᠡᠯᠡᠩ ᠳ᠋ᠤ ᠬᠤᠶᠠᠷ ᠳᠠᠯᠠᠪᠠᠢ ᠶᠠᠪᠤᠭᠳᠠᠨ᠎ᠠ ᠃ 《ᠮᠣᠷᠢᠲᠤ ᠴᠡᠷᠢᠭ》 ᠪᠣᠯ ᠳᠤᠮᠳᠠᠳᠤ ᠤᠯᠤᠰ ᠤ᠋ᠨ ᠲᠠᠢᠰᠠᠨ ᠤ᠋ ᠤᠷᠠᠯᠢᠭ ᠤ᠋ᠨ ᠲᠡᠦᠬᠡᠨ ᠳᠡᠭᠡᠷᠡᠬᠢ ᠠᠩᠬᠠᠳᠠᠭ᠍ᠴᠢ ᠮᠣᠷᠢᠲᠤ ᠴᠡᠷᠢᠭ ᠵᠢᠡᠷ ᠰᠡᠳᠦᠪᠯᠡᠭ᠌ᠰᠡᠨ ᠪᠥᠵᠢᠭ᠌ᠲᠦ ᠵᠦᠴᠦᠭᠡ ᠶ᠋ᠢᠨ ᠪᠦᠲᠦᠭᠡᠯ ᠪᠤᠯᠬᠤ ᠶᠤᠮ ᠃ ᠵᠦᠴᠦᠭᠡ ᠳ᠋ᠤ ᠮᠣᠩᠭᠣᠯ ᠵᠠᠯᠠᠭᠤ ᠴᠢᠯᠠᠭᠤ ᠲᠡᠦᠬᠡ ᠶ᠋ᠢᠨ ᠵᠠᠩᠭᠢᠯᠠᠭ᠎ᠠ ᠶ᠋ᠢᠨ ᠦᠶ᠎ᠡ ᠳ᠋ᠤ ᠡᠷᠡᠰ ᠰᠢᠭᠤᠷᠬᠠᠢ ᠰᠤᠩᠭᠤᠯᠳᠠ ᠬᠢᠵᠦ ᠂ ᠡᠷᠡᠯᠬᠡᠭ ᠪᠠᠭᠠᠲᠤᠷᠯᠢᠭ ᠮᠣᠷᠢᠳᠦ ᠴᠡᠷᠢᠭ ᠪᠣᠯᠤᠨ ᠬᠦᠮᠦᠵᠢᠭᠳᠡᠨ ᠂ ᠱᠢᠨ᠎ᠡ ᠳᠤᠮᠳᠠᠳᠤ ᠤᠯᠤᠰ ᠪᠠᠢᠭᠤᠯᠤᠭ᠍ᠳᠠᠬᠤ ᠳ᠋ᠤ ᠭᠠᠪᠢᠶ᠎ᠠ ᠵᠢᠳᠬᠦᠯ ᠦᠵᠡᠭᠦᠯᠦᠭ᠌ᠰᠡᠨ ᠥᠩᠭᠡᠷᠡᠯᠲᠡ ᠵᠢ ᠳᠡᠯᠭᠡᠵᠦ ᠂ ᠥᠪᠥᠷ ᠮᠣᠩᠭᠣᠯ ᠤ᠋ᠨ ᠠᠷᠠᠳ ᠲᠦᠮᠡᠨ ᠤ᠋ ᠡᠬᠡ ᠣᠷᠣᠨᠴᠢ ᠰᠡᠳᠭᠢᠯᠭᠡ ᠪᠠ ᠮᠤᠨᠭᠭᠤᠯ ᠮᠤᠷᠢᠨ ᠤ᠋ ᠴᠤᠴᠠᠯᠳᠠ ᠦᠭᠡᠢ ᠤᠷᠤᠭ᠍ᠰᠢᠯᠠᠬᠤ ᠵᠤᠷᠢᠭ ᠰᠠᠨᠠᠭ᠎ᠠ ᠶ᠋ᠢ ᠮᠠᠭ᠍ᠲᠠᠨ ᠳᠠᠭᠤᠯᠠᠵᠠᠢ᠃

8 ᠰᠠᠷ᠎ᠠ ᠶ᠋ᠢᠨ 20 ᠤ᠋ ᠤᠷᠤᠢ ᠬᠦᠬᠡᠬᠤᠳᠠ ᠳ᠋ᠡᠬᠢ ᠦᠪᠤᠷ ᠮᠤᠩᠭᠤᠯ ᠤ᠋ᠨ ᠤᠯᠠᠭᠠᠨ ᠲᠢᠶᠠᠲ᠋ᠷ ᠲᠦ᠍ ᠶᠠᠪᠤᠭᠳᠠᠬᠤ 《ᠱᠢᠶᠤᠤ ᠡᠯ ᠡᠾᠸᠢ ᠬᠤᠷᠢᠮᠯᠠᠭ᠍ᠰᠠᠨ ᠨᠢ》 ᠬᠡᠬᠦ ᠬᠤᠪᠢᠰᠬᠠᠯ ᠤ᠋ᠨ ᠰᠤᠩᠭᠤᠳᠠᠭ ᠳᠠᠭᠤᠯᠠᠯᠳᠦ ᠵᠦᠴᠦᠭᠡ ᠵᠢ ᠵᠣᠣ ᠱᠸ᠋ ᠯᠢ ᠶ᠋ᠢᠨ ᠵᠤᠬᠢᠶᠠᠭᠰᠠᠨ 《ᠱᠢᠶᠤᠤ ᠡᠯ ᠡᠾᠸᠢ ᠬᠤᠷᠢᠮᠯᠠᠭ᠍ᠰᠠᠨ ᠨᠢ》 ᠬᠡᠬᠦ ᠲᠤᠭᠤᠵᠢ ᠵᠢ ᠦᠨᠳᠦᠰᠦᠯᠡᠨ ᠦᠭᠡᠷᠡᠴᠢᠯᠡᠨ ᠨᠠᠢᠷᠠᠭᠤᠯᠵᠠᠢ ᠃ ᠵᠦᠴᠦᠭᠡ ᠳ᠋ᠤ ᠶᠠᠫᠣᠨ ᠢ᠋ ᠡᠰᠡᠷᠭᠦᠴᠡᠬᠦ᠌ ᠳᠠᠢᠨ ᠤ᠋ ᠦᠶ᠎ᠡ ᠳ᠋ᠤ ᠱᠠᠨ ᠰᠢ ᠮᠤᠵᠢ ᠶ᠋ᠢᠨ ᠵᠡᠭᠦᠨ ᠡᠮᠦᠨ᠎ᠠ ᠪᠠᠶ᠎ᠠ ᠵᠢᠨ ᠶᠠᠫᠤᠨ ᠢ᠋ ᠡᠰᠡᠷᠬᠦᠴᠡᠬᠦ ᠰᠠᠭᠤᠷᠢᠨ ᠭᠠᠵᠠᠷ 《ᠯᠢᠦ ᠵᠢᠶᠠ ᠵᠢᠶᠤᠤ》 ᠲᠣᠰᠭᠣᠨ ᠤ᠋ ᠡᠷᠦᠬᠡ ᠶ᠋ᠢᠨ ᠴᠡᠷᠢᠭ ᠤ᠋ᠨ ᠠᠩᠭᠢ ᠶ᠋ᠢᠨ ᠳᠠᠷᠤᠭ᠎ᠠ ᠱᠢᠶᠣᠤ ᠡᠯ ᠾᠧᠢ ᠪᠤᠯᠤᠨ ᠱᠢᠶᠣᠤ ᠴᠢᠨ ᠤ᠋ ᠢᠨᠠᠭ ᠲᠤᠷᠠᠯᠠᠯ ᠎ᠤᠨ ᠦᠯᠢᠭᠡᠷ ᠢ᠋ ᠲᠤᠭᠯᠠᠵᠠᠢ᠃ ᠹᠧᠣᠳᠠᠯ ᠤ᠋ᠨ ᠮᠤᠬᠤᠷ ᠰᠦᠰᠦᠭ ᠤ᠋ᠨ ᠦᠵᠡᠯ ᠲᠠᠢ ᠡᠯ ᠾᠸᠢ ᠵᠢᠨ ᠠᠪᠤ ᠡᠯ ᠺᠦᠡᠭ ᠮᠢᠩ ᠪᠤᠯᠤᠨ ᠰᠢᠶᠤᠤ ᠴᠢᠨ ᠤ᠋ ᠡᠵᠢ ᠨᠢ ᠡᠯᠳᠡᠪ ᠠᠷᠭ᠎ᠠ ᠪᠡᠷ ᠳᠡᠳᠡᠨ ᠤ᠋ ᠤᠷᠤᠭ ᠬᠤᠷᠢᠮ ᠢ᠋ ᠪᠠᠢᠯᠭᠠᠬᠤ ᠪᠡᠷ ᠤᠷᠤᠯᠳᠤᠵᠦ ᠂ ᠨᠤᠲᠤᠭ ᠤ᠋ᠨ ᠯᠤᠢᠪᠠᠷᠴᠢᠨ ᠵᠢᠨ ᠸᠠᠩ ᠴᠦ᠍ ᠥᠳᠥᠭᠡᠨ ᠬᠠᠳᠭᠤᠵᠠᠢ ᠃ ᠭᠡᠪᠡᠴᠦ᠍ ᠱᠢᠶᠣᠤ ᠡᠯ ᠾᠧᠢ ᠪᠣᠯᠤᠨ ᠱᠢᠶᠣᠤ ᠴᠢᠨ ᠹᠧᠣᠳᠠᠯ ᠤ᠋ᠨ ᠬᠦᠴᠦᠨ ᠤ᠋ ᠭᠦᠳᠭᠡᠯ ᠬᠤᠤᠷᠯᠠᠯ ᠡᠴᠡ ᠤᠬᠤᠷᠢᠵᠤ ᠳᠠᠳᠠᠭᠠᠯᠵᠠᠭᠰᠠᠨ ᠦᠬᠡᠢ ᠪᠡᠷ ᠡᠷᠡᠰ ᠲᠡᠮᠡᠴᠡᠵᠦ ᠂ ᠡᠴᠦᠰ ᠲᠡᠭᠡᠨ ᠰᠠᠨᠠᠭᠰᠠᠨ ᠳ᠋ᠠᠭᠠᠨ ᠬᠦᠷᠦᠭᠰᠡᠨ ᠦᠯᠢᠬᠡᠷ ᠢ᠋ ᠲᠠᠯᠬᠡᠭᠰᠡᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面