ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-20 17:38:29

ᠵᠣᠬᠢᠶᠠᠭ᠍ᠴᠢ᠄ ​ᠬᠦᠭᠵᠢᠯᠳᠦ ᠣᠩᠱᠢᠭ᠍ᠰᠠᠨ ᠣᠳᠠᠭ᠎ᠠ᠄ 3

8 ᠰᠠᠷ᠎ᠠ ᠵᠢᠨ 19 ᠤ᠋ ᠤᠷᠤᠢ ᠂ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠯᠢᠳᠡᠭ ᠪᠦᠳᠦᠭᠡᠯ ᠤ᠋ᠨ ᠦᠵᠡᠬᠦᠯᠭᠡ ᠵᠢᠨ ᠲᠤᠭᠯᠠᠯᠳᠠ ᠵᠢᠨ ᠨᠢᠭᠡ ᠪᠤᠯᠬᠤ ᠮᠤᠷᠢᠨ ᠬᠤᠭᠤᠷ ᠤ᠋ᠨ ᠲᠤᠰᠬᠠᠢ ᠳᠠᠯᠠᠪᠠᠢ ᠳᠠᠭᠤᠤ ᠬᠦᠭᠵᠢᠮ ᠤ᠋ᠨ ᠴᠤᠭᠯᠠᠭᠠᠨ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠤᠶᠠᠨᠭᠭ᠎ᠠ ᠬᠥᠭ ᠲᠠᠢ ᠨᠢᠵᠢᠬᠢᠷ ᠶᠠᠪᠤᠭᠳᠠᠪᠠ ᠃

ᠲᠤᠮᠳᠠᠳᠦ ᠵᠢᠨ ᠦᠨᠳᠦᠰᠦᠳᠡᠨ ᠤ᠋ ᠬᠠᠮᠳᠦ ᠵᠢᠨ ᠴᠤᠭᠴᠠ ᠵᠢᠨ ᠤᠬᠠᠮᠰᠠᠷ ᠢ᠋ ᠪᠠᠳᠤ ᠴᠤᠭᠴᠠᠯᠠᠬᠤ ᠪᠡᠷ ᠭᠤᠤᠯ ᠰᠡᠳᠦᠪ ᠪᠤᠯᠭᠠᠭᠰᠠᠨ ᠲᠤᠰ ᠦᠳᠡᠰᠢᠯᠡᠬᠡ ᠨᠢ 《ᠳᠠᠯ᠎ᠠ ᠨᠤᠲᠤᠭ ᠤ᠋ᠨ ᠪᠠᠶᠠᠷᠲᠦ ᠳᠠᠭᠤᠯᠠᠯ》 ᠬᠡᠬᠦ ᠦᠪᠡᠷᠮᠢᠴᠡ ᠤᠨᠴᠠᠯᠢᠭ ᠲᠠᠢ ᠬᠦᠭᠵᠢᠮ ᠵᠢᠡᠷ ᠡᠬᠢᠯᠡᠵᠦ ᠂ ᠳᠡᠭᠡᠳᠤ ᠬᠠᠭᠠᠰ ᠲᠠᠯᠠᠪᠠᠢ ᠦᠳᠡᠰᠢᠯᠡᠬᠡ ᠵᠢ ᠦᠥᠰᠢᠨ ᠮᠤᠷᠢᠨ ᠬᠤᠭᠤᠷ ᠤ᠋ᠨ ᠰᠢᠮᠫᠤᠨᠢ ᠬᠦᠭᠵᠢᠮ ᠤ᠋ᠨ ᠪᠦᠯᠬᠦᠮ ᠭᠤᠤᠯᠴᠢᠯᠠᠨ ᠲᠤᠭᠯᠠᠵᠦ᠂ 《ᠲᠡᠭᠷᠢ ᠠᠭᠤᠯᠠ ᠵᠢᠨ ᠲᠠᠨᠭᠰᠤᠬ ᠦᠵᠡᠮᠵᠢ》᠂ 《ᠬᠦᠰᠡᠯ ᠤ᠋ᠨ ᠰᠠᠢᠬᠠᠨ ᠲᠡᠮᠡᠤᠯᠤᠯ》᠂ 《ᠰᠢᠷᠠᠤ᠋ᠰᠤᠨ᠎ᠤ ᠲᠡᠭᠷᠢᠯᠢᠭ ᠤᠶᠠᠩᠭ᠎ᠠ》᠂ 《ᠤᠷᠤᠭᠰᠢᠯᠠᠯᠳᠠ》᠂ 《ᠪᠡᠭᠡᠵᠢᠩ ᠤ᠋ᠨ ᠪᠠᠶᠠᠷᠲᠦ ᠴᠢᠮᠡᠭᠡ》 ᠵᠡᠷᠭᠡ ᠦᠪᠡᠷᠮᠢᠴᠡ ᠰᠤᠳᠤᠨ ᠠᠶᠠᠰ ᠢ᠋ ᠬᠦᠭᠵᠢᠮᠳᠡᠵᠡᠢ ᠃

ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠠᠩᠬ᠎ᠠ ᠤᠷᠤᠯᠴᠠᠵᠦ ᠪᠠᠢᠭ᠎ᠠ ᠦᠥᠰᠢᠨ ᠮᠤᠷᠢᠨ ᠬᠤᠭᠤᠷ ᠤ᠋ᠨ ᠰᠢᠮᠫᠤᠨᠢ ᠬᠦᠭᠵᠢᠮ ᠤ᠋ᠨ ᠪᠦᠯᠬᠦᠮ ᠤ᠋ᠨ ᠬᠢᠨ ᠡᠷᠳᠡ ᠡᠴᠡ ᠪᠡᠯᠡᠳᠬᠡᠯ ᠪᠤᠯᠪᠠᠰᠤᠷᠠᠯ ᠵᠢᠡᠨ ᠰᠠᠢᠳᠤᠷ ᠬᠢᠵᠦ᠂ ᠦᠪᠡᠷ ᠤ᠋ᠨ ᠬᠡᠰᠡᠨ ᠰᠢᠨ᠎ᠡ ᠪᠦᠳᠦᠭᠡᠯ ᠲᠠᠢ ᠤᠷᠤᠯᠴᠠᠭᠰᠠᠨ ᠪᠠᠢᠯ᠎ᠠ᠃ ᠪᠦᠯᠬᠦᠮ ᠤ᠋ᠨ ᠳᠠᠷᠤᠭ᠎ᠠ ᠵᠢᠨ ᠬᠠᠢ ᠄ 《ᠪᠢᠳᠡ ᠲᠤᠰ ᠤᠳᠠᠭᠠᠨ ᠤ᠋ ᠲᠤᠭᠯᠠᠯᠳᠠ ᠳ᠋ᠤ 〈ᠬᠤᠶᠠᠷ ᠢ᠋ ᠴᠤᠭᠴᠠᠯᠠᠬᠤ〉 ᠪᠡᠷ ᠭᠤᠤᠯ ᠰᠡᠳᠦᠪ ᠪᠤᠯᠭᠠᠨ ᠨᠠᠢᠷᠠᠭᠤᠯᠤᠨ ᠵᠤᠬᠢᠶᠠᠭᠰᠠᠨ 〈ᠲᠡᠭᠷᠢ ᠠᠭᠤᠯᠠ ᠵᠢᠨ ᠲᠠᠨᠭᠰᠤᠬ ᠦᠵᠡᠮᠵᠢ〉 ᠪᠤᠯᠤᠨ ᠮᠤᠷᠢᠨ ᠬᠤᠭᠤᠷ ᠤ᠋ᠨ ᠲᠤᠭᠯᠠᠯᠳᠠ ᠵᠢᠨ ᠲᠡᠥᠬᠡᠨ ᠳ᠋ᠡᠬᠢ ᠠᠩᠬᠠᠳᠠᠭᠴᠢ ᠨᠠᠢᠷᠠᠯ ᠬᠦᠭᠵᠢᠮ 〈ᠰᠢᠷᠠᠤ᠋ᠰᠤᠨ᠎ᠤ ᠲᠡᠭᠷᠢᠯᠢᠭ ᠤᠶᠠᠩᠭ᠎ᠠ〉 ᠭᠡᠬᠦ ᠬᠤᠶᠠᠷ ᠰᠢᠨ᠎ᠡ ᠪᠦᠳᠦᠭᠡᠯ ᠢ᠋ ᠲᠤᠭᠯᠠᠯ᠎ᠠ᠃ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠨᠢ ᠪᠢᠳᠡᠨ ᠳ᠋ᠤ ᠦᠷᠬᠡᠨ ᠲᠠᠯᠬᠡᠷ ᠰᠤᠷᠤᠯᠴᠠᠯᠭ᠎ᠠ ᠵᠢᠨ ᠳᠠᠪᠴᠠᠩ ᠬᠠᠩᠭᠠᠵᠦ᠂ ᠤᠯᠳᠠᠰᠢ ᠦᠬᠡᠢ ᠰᠠᠢᠨ ᠠᠵᠠ ᠲᠤᠬᠢᠶᠠᠯ ᠤᠯᠭᠤᠬᠰᠠᠨ ᠡ!》 ᠭᠡᠵᠦ ᠪᠠᠶᠠᠷᠳᠠᠢᠬᠠᠨ ᠶᠠᠷᠢᠵᠤ ᠪᠠᠢᠯ᠎ᠠ ᠃

《ᠮᠠᠭᠳᠠᠭᠠᠯ ᠳᠠᠭᠤᠤ》 ᠵᠢᠨ ᠠᠶ᠎ᠠ ᠡᠬᠢᠯᠡᠬᠦ ᠳ᠋ᠤ ᠲᠠᠯᠠᠪᠠᠢ ᠲᠦᠬᠦᠷᠡᠩ ᠦᠵᠡᠭᠴᠢᠳ ᠦᠶ᠎ᠠ ᠦᠶ᠎ᠠ ᠠᠯᠠᠭ᠎ᠠ ᠲᠠᠰᠢᠵᠤ᠂ 《ᠰᠤᠩᠭᠤᠳᠠᠭ ᠳᠠᠭᠤᠤ ᠬᠦᠭᠵᠢᠮ ᠤ᠋ᠨ ᠭᠠᠢᠬᠠᠮᠰᠢᠭ᠂ ᠮᠤᠷᠢᠨ ᠬᠤᠭᠤᠷ ᠤ᠋ᠨ ᠷᠢᠳᠢ ᠰᠢᠳᠢ᠎ᠭᠡᠵᠦ ᠴᠠᠭᠠᠨ᠎ᠠ ᠪᠠᠨ ᠤᠨᠳᠤᠤ ᠰᠢᠦ! 》 ᠬᠡᠮᠡᠨ ᠨᠠᠮ ᠲᠠᠭᠤ ᠪᠡᠷ ᠶᠠᠷᠢᠯᠴᠠᠵᠠᠭᠠᠨ᠎ᠠ᠃ ᠲᠤᠤᠷᠠᠳᠦ ᠬᠠᠭᠠᠰ ᠲᠠᠯᠠᠪᠠᠢ ᠦᠳᠡᠰᠢᠯᠡᠭᠡ ᠡᠢᠨ ᠬᠦ᠌ ᠴᠢ᠊·ᠪᠤᠯᠠᠭ ᠤ᠋ᠨ 《ᠳᠠᠬᠢ》 ᠮᠤᠷᠢᠨ ᠬᠤᠭᠤᠷ ᠤ᠋ᠨ ᠬᠦᠭᠵᠢᠮ ᠤ᠋ᠨ ᠪᠦᠯᠬᠦᠮ ᠤ᠋ᠨ ᠲᠤᠭᠯᠠᠯᠳᠠ ᠪᠡᠷ ᠡᠬᠢᠯᠡᠵᠦ ᠂ 《ᠤᠷᠳᠤᠰ ᠤ᠋ᠨ ᠦᠨᠳᠦᠷᠯᠢᠭ》᠂ 《ᠮᠠᠨᠳᠤᠬᠤ ᠨᠠᠷᠠᠨ》᠂《ᠡᠷᠡᠦ ᠴᠠᠭᠠᠨ ᠰᠢᠪᠠᠭᠤ》᠂ 《ᠥᠷᠭᠡᠨ ᠰᠡᠯᠡᠩᠭᠡ》᠂ 《ᠡᠷᠬᠢᠴᠡᠬᠦᠯᠦᠯ》᠂ 《ᠰᠦᠬᠡ ᠵᠢᠨ ᠰᠠᠷᠠᠯ》᠂ 《ᠰᠡᠳᠬᠢᠯ ᠤ᠋ᠨ ᠤᠶᠠᠩᠭ᠎ᠠ》 ᠂ 《ᠡᠬᠡ ᠤᠯᠤᠰ》 ᠵᠡᠷᠭᠡ ᠰᠤᠩᠭᠤᠳᠠᠭ ᠠᠶ᠎ᠠ ᠨᠢ ᠬᠤᠶᠠᠷᠬᠠᠨ ᠤᠳᠠᠰᠤᠨ ᠳ᠋ᠤ ᠬᠤᠷᠤ᠎ᠠ ᠵᠢ ᠤᠶᠠᠷᠠᠭᠠᠵᠦ ᠴᠢᠳᠠᠳᠠᠭ ᠮᠤᠷᠢᠨ ᠬᠤᠭᠤᠷ ᠤ᠋ᠨ ᠢᠷᠠᠭᠤ ᠭᠠᠢᠬᠠᠮᠰᠢᠭ ᠢ᠋ ᠳᠠᠬᠢᠨ ᠨᠢᠭᠡ ᠤᠳᠠᠭ᠎ᠠ ᠬᠠᠷᠠᠭᠤᠯᠤᠭᠰᠠᠨ ᠪᠢᠯᠡ ᠃

ᠴᠢ᠊·ᠪᠤᠯᠠᠭ ᠤ᠋ᠨ 《ᠳᠠᠬᠢ》 ᠮᠤᠷᠢᠨ ᠬᠤᠭᠤᠷ ᠤ᠋ᠨ ᠬᠦᠭᠵᠢᠮ ᠤ᠋ᠨ ᠪᠦᠯᠬᠦᠮ ᠤ᠋ᠨ ᠳᠠᠷᠤᠭ᠎ᠠ ᠴᠢ᠊· ᠪᠦᠷᠬᠦᠳ᠄ 《ᠡᠨᠡ ᠤᠳᠠᠭ᠎ᠠ ᠵᠢᠨ ᠮᠠᠨ ᠤ᠋ ᠬᠦᠭᠵᠢᠮᠳᠡᠭᠰᠡᠨ ᠠᠶ᠎ᠠ ᠨᠤᠭᠤᠳ ᠪᠦᠷ ᠰᠤᠩᠭᠤᠳᠠᠭ ᠪᠦᠳᠦᠭᠡᠯ ᠪᠠᠢᠵᠤ᠂ ᠠᠷᠪᠠᠨ ᠬᠡᠳᠦᠨ ᠵᠢᠯ ᠤ᠋ᠨ ᠡᠮᠦᠨ᠎ᠡ ᠡᠴᠡ ᠤᠳᠤ ᠳ᠋ᠤ ᠲᠤᠯᠳᠠᠯ᠎ᠠ ᠬᠡᠵᠢᠶ᠎ᠡ ᠬᠠᠮᠢᠭ᠎ᠠ ᠬᠦᠭᠵᠢᠮᠳᠡᠭᠰᠡᠨ ᠴᠦ᠍ ᠦᠵᠡᠭᠴᠢᠳ ᠤ᠋ᠨ ᠲᠠᠭᠠᠰᠢᠶᠠᠯ ᠢ᠋ ᠬᠦᠷᠳᠡᠭᠰᠡᠬᠡᠷ ᠢᠷᠡᠵᠠᠢ᠃ ᠡᠳᠡᠭᠡᠷ ᠵᠢᠯ ᠎ᠳᠤ ᠮᠠᠰᠢ ᠤᠯᠠᠨ ᠵᠠᠯᠠᠭᠤ ᠪᠠᠭᠠᠴᠤᠳ ᠮᠤᠷᠢᠨ ᠬᠤᠭᠤᠷ ᠤ᠋ᠨ ᠡᠴᠢᠨ᠎ᠡ ᠰᠠᠢᠬᠠᠨ ᠠᠢᠵᠠᠮ ᠳ᠋ᠤ ᠳᠠᠳᠠᠭᠳᠠᠵᠦ᠂ ᠮᠤᠷᠢᠨ ᠬᠤᠭᠤᠷ ᠲᠦ᠍ ᠰᠤᠨᠢᠷᠬᠠᠯ ᠲᠦᠷᠦᠵᠦ ᠂ ᠮᠤᠷᠢᠨ ᠬᠤᠭᠤᠷ ᠰᠤᠷᠴᠤ ᠡᠬᠢᠯᠡᠭᠰᠡᠨ ᠶᠤᠮ ᠃ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠮᠠᠨᠤᠰ ᠲᠦ᠍ ᠮᠤᠷᠢᠨ ᠬᠤᠭᠤᠷ ᠵᠢᠡᠷ ᠲᠠᠮᠵᠢᠨ ᠲᠤᠮᠳᠠᠳᠦ ᠤᠯᠤᠰ ᠤ᠋ᠨ ᠦᠯᠢᠬᠡᠷ ᠢ᠋ ᠰᠠᠢᠬᠠᠨ ᠶᠠᠷᠢᠬᠤ ᠠᠵᠠ ᠲᠤᠬᠢᠶᠠᠯ ᠬᠠᠩᠭᠠᠭᠰᠠᠨ ᠳ᠋ᠤ ᠮᠠᠰᠢ ᠪᠠᠶᠠᠷᠯᠠᠵᠤ ᠪᠠᠢᠨ᠎ᠠ》 ᠭᠡᠵᠦ ᠪᠠᠢᠯ᠎ᠠ ᠃

ᠲᠤᠮᠳᠠᠳᠦ ᠵᠢᠨ ᠦᠨᠳᠦᠰᠦᠳᠡᠨ ᠤ᠋ ᠬᠠᠮᠳᠦ ᠵᠢᠨ ᠴᠤᠭᠴᠠ ᠵᠢᠨ ᠤᠬᠠᠮᠰᠠᠷ ᠢ᠋ ᠪᠠᠳᠤ ᠴᠤᠭᠴᠠᠯᠠᠵᠤ᠂ 《ᠬᠤᠶᠠᠷ ᠢ᠋ ᠴᠤᠭᠴᠠᠯᠠᠬᠤ》 ᠪᠡᠷ ᠵᠤᠷᠢᠯᠳᠠ ᠪᠤᠯᠭᠠᠨ᠂ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠪᠦᠯᠬᠦᠮᠳᠡᠨ ᠲᠡᠮᠡᠴᠡᠬᠦ ᠤᠶᠤᠨ ᠰᠠᠨᠠᠭᠠᠨ ᠤ᠋ ᠲᠦᠷᠰᠦ ᠪᠠᠢᠳᠠᠯ ᠢ᠋ ᠬᠠᠷᠠᠭᠤᠯᠤᠭᠰᠠᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠮᠤᠷᠢᠨ ᠬᠤᠭᠤᠷ ᠤ᠋ᠨ ᠲᠤᠰᠬᠠᠢ ᠲᠠᠯᠠᠪᠠᠢ ᠳᠠᠭᠤᠤ ᠬᠦᠭᠵᠢᠮ ᠤ᠋ᠨ ᠴᠤᠭᠯᠠᠭᠠᠨ ᠨᠢ 《ᠲᠦᠮᠡᠨ ᠠᠭᠳᠠ ᠵᠢᠨ ᠲᠦᠪᠡᠷᠭᠡᠨ 》 ᠵᠢᠡᠷ ᠲᠡᠬᠦᠰ ᠠᠮᠵᠢᠯᠳᠠ ᠲᠠᠢ ᠦᠨᠳᠦᠷᠯᠡᠵᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面