ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-23 09:20:53

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3


4453637_zt_1661191663857_m.jpg


ᠵᠢᠷᠤᠬ ᠪᠤᠯ ᠪᠥᠵᠢᠭᠲᠥ ᠵᠥᠴᠥᠬᠡ 《ᠮᠤᠷᠢᠲᠤ ᠴᠡᠷᠢᠭ》 ᠎ᠤᠨ ᠬᠡᠰᠡᠭ ᠥᠵᠡᠭᠲᠡᠯ ᠪᠤᠯᠤᠨ᠎ᠠ


8 ᠰᠠᠷ᠎ᠠ᠎ᠶᠢᠨ 22 ᠎ᠤ᠋ᠨ ᠣᠷᠣᠢ᠂ ᠪᠦᠵᠢᠭᠲᠦ ᠵᠦᠴᠦᠭᠡ 《ᠮᠣᠷᠢᠲᠣ ᠴᠡᠷᠢᠭ》 ᠎ᠢ᠋ ᠦᠪᠦᠷ ᠮᠣᠩᠭᠣᠯ᠎ᠤᠨ ᠣᠷᠠᠯᠢᠬ ᠵᠦᠴᠦᠭᠡ᠎ᠶᠢᠨ ᠬᠦᠷᠢᠶᠡᠯᠡᠩ ᠳ᠋ᠦ ᠲᠣᠬᠯᠠᠨ ᠦᠵᠡᠬᠦᠯᠪᠡ᠃ ᠲᠣᠮᠲᠠᠲᠣ ᠣᠯᠣᠰ᠎ᠤᠨ ᠲᠠᠢᠰᠠᠨ᠎ᠤ ᠣᠷᠠᠯᠢᠬ᠎ᠤᠨ ᠲᠡᠦᠭᠡᠨ ᠲᠡᠭᠡᠷ᠎ᠡ ᠠᠩᠬ᠎ᠠ ᠣᠲᠠᠭ᠎ᠠ ᠮᠣᠷᠢᠲᠣ ᠴᠡᠷᠢᠭ ᠶ᠋ᠢᠡᠷ ᠰᠡᠳᠦᠪᠯᠡᠬᠦᠨ ᠪᠣᠯᠭᠠᠬᠰᠠᠨ ᠲᠣᠮᠣ ᠬᠡᠯᠪᠡᠷᠢ᠎ᠶᠢᠨ ᠪᠦᠵᠢᠭᠲᠦ ᠵᠦᠴᠦᠭᠡ《ᠮᠣᠷᠢᠲᠣ ᠴᠡᠷᠢᠭ》 ᠪᠣᠯ ᠠᠷᠪᠠ ᠶᠢᠰᠦᠲᠦᠭᠡᠷ ᠬᠣᠭᠣᠴᠠᠭᠠᠨ᠎ᠤ ᠲᠣᠮᠲᠠᠲᠣ ᠣᠯᠣᠰ·ᠦᠪᠦᠷ ᠮᠣᠩᠭᠣᠯ᠎ᠤᠨ ᠲᠠᠯ᠎ᠠ ᠨᠣᠲᠣᠬ᠎ᠤᠨ ᠰᠣᠶᠣᠯ᠎ᠤᠨ ᠨᠠᠢᠷ᠎ᠤᠨ ᠴᠢᠬᠣᠯᠠ ᠠᠭᠣᠯᠭ᠎ᠠ ᠪᠣᠯᠣᠨ᠎ᠠ᠃

ᠪᠦᠵᠢᠭᠲᠦ ᠵᠦᠴᠦᠭᠡ 《ᠮᠣᠷᠢᠲᠣ ᠴᠡᠷᠢᠭ》 ᠎ᠨᠢ ᠠᠭᠣᠯᠭ᠎ᠠ᠎ᠶᠢᠨ ᠬᠣᠪᠢ ᠳ᠋ᠦ 《ᠰᠣᠩᠭᠣᠯᠲᠠ》᠂ 《ᠰᠢᠲᠣᠷᠭᠣ》 ᠭᠡᠬᠦ ᠰᠡᠳᠦᠪ ᠶ᠋ᠢᠡᠷ ᠲᠡᠭᠡᠲᠦ ᠲᠣᠣᠷᠠᠲᠣ ᠬᠣᠶᠠᠷ ᠠᠩᠬᠢ ᠬᠣᠪᠢᠶᠠᠵᠦ᠂ ᠮᠣᠩᠭᠣᠯ ᠦᠨᠳᠦᠰᠦᠲᠡᠨ᠎ᠤ ᠵᠠᠯᠠᠭᠣ ᠰᠣᠷᠣᠬᠴᠢ ᠴᠢᠯᠠᠭᠣ ᠶ᠋ᠢᠨ ᠲᠣᠮᠲᠠᠲᠣ ᠣᠯᠣᠰ᠎ᠤᠨ ᠡᠪ ᠬᠠᠮᠲᠣ ᠨᠠᠮ᠎ᠤᠨ ᠬᠣᠪᠢᠰᠬᠠᠯ᠎ᠤᠨ ᠦᠵᠡᠯ ᠰᠠᠨᠠᠭᠠᠨ᠎ᠤ ᠨᠦᠯᠦᠭᠡᠯᠡᠯ ᠶ᠋ᠢᠡᠷ ᠬᠣᠪᠢ ᠬᠦᠮᠦᠨ᠎ᠤ ᠬᠦᠰᠡᠯ ᠡᠷᠡᠮᠡᠯᠵᠡᠯ ᠶ᠋ᠢᠡᠨ ᠦᠨᠳᠦᠰᠦᠲᠡᠨ᠎ᠤ ᠬᠣᠪᠢ ᠵᠠᠶᠠᠭ᠎ᠠ ᠲᠠᠢ ᠨᠢᠬᠲᠠ ᠬᠣᠯᠪᠣᠵᠦ᠂ ᠡᠷᠡᠯᠬᠡᠭ ᠪᠠᠭᠠᠲᠣᠷᠯᠢᠬ ᠮᠣᠷᠢᠲᠣ ᠴᠡᠷᠢᠭ᠎ᠤᠨ ᠪᠠᠢᠯᠲᠣᠬᠴᠢ ᠪᠣᠯᠣᠨ ᠬᠦᠮᠦᠵᠢᠭᠰᠡᠨ ᠦᠯᠢᠭᠡᠷ᠎ᠢ ᠲᠡᠯᠭᠡᠵᠦ᠂ ᠦᠪᠦᠷ ᠮᠣᠩᠭᠣᠯ᠎ᠤᠨ ᠮᠣᠷᠢᠲᠣ ᠴᠡᠷᠢᠭ᠎ᠤᠨ ᠲᠠᠢᠴᠢᠨ ᠪᠠᠢᠯᠲᠣᠬᠴᠢᠳ᠎ᠤᠨ ᠨᠠᠮ ᠳ᠋ᠠᠭᠠᠨ ᠦᠨᠡᠨᠴᠢ ᠰᠢᠲᠣᠷᠭᠣ᠂ ᠣᠯᠣᠰ ᠣᠷᠣᠨ᠎ᠤ ᠪᠠᠨ ᠲᠦᠯᠦᠭᠡ ᠬᠠᠯᠠᠭᠣᠨ ᠴᠢᠰᠣ ᠪᠠᠨ ᠤᠷᠤᠰᠬᠠᠨ ᠪᠦᠯᠢᠶᠡᠨ ᠠᠮᠢ ᠪᠠᠨ ᠦᠷᠡᠭᠲᠡᠬᠦᠯᠬᠦ ᠡᠴᠡ ᠪᠣᠴᠠᠬᠣ ᠦᠭᠡᠢ ᠡᠷᠬᠢᠮ ᠲᠡᠭᠡᠲᠦ ᠵᠣᠷᠢᠬ ᠰᠠᠨᠠᠭ᠎ᠠ᠎ᠶᠢ ᠬᠠᠷᠠᠭᠣᠯᠣᠬᠰᠠᠨ ᠪᠠᠢᠨ᠎ᠠ᠃ 2020 ᠤᠨ ᠳ᠋ᠦ ᠲᠣᠰ ᠪᠦᠵᠢᠭᠲᠦ ᠵᠦᠴᠦᠭᠡ ᠨᠢ ᠠᠷᠪᠠᠨ ᠬᠣᠶᠠᠲᠣᠭᠠᠷ ᠬᠣᠭᠣᠴᠠᠭᠠᠨ᠎ᠤ ᠲᠣᠮᠲᠠᠲᠣ ᠣᠯᠣᠰ᠎ᠤᠨ ᠪᠦᠵᠢᠭ᠎ᠤᠨ 《ᠯᠢᠩᠬᠤ᠎ᠠ ᠱᠠᠩᠨᠠᠯ》 ᠎ᠢ᠋ ᠲᠣᠰᠣᠬᠰᠠᠨ ᠪᠦᠭᠡᠳ ᠡᠨᠡ ᠵᠢᠯ᠎ᠤᠨ 8 ᠰᠠᠷ᠎ᠠ᠎ᠶᠢᠨ ᠰᠡᠬᠦᠯᠴᠢ ᠪᠡᠷ ᠪᠠᠰᠠ ᠱᠢ ᠵᠢᠶᠠ ᠵᠣᠸᠠᠩ᠎ᠤᠨ ᠲᠣᠮᠣ ᠲᠢᠶᠠᠲᠷ ᠲᠦ᠍ ᠲᠣᠬᠯᠠᠵᠦ᠂ ᠠᠷᠪᠠᠨ ᠲᠣᠯᠣᠲᠣᠭᠠᠷ ᠬᠣᠭᠣᠴᠠᠭᠠᠨ᠎ᠤ 《ᠸᠸᠨ ᠬᠣᠸᠠ ᠱᠠᠩᠨᠠᠯ 》 ᠎ᠤᠨ ᠰᠢᠯᠭᠠᠷᠠᠭᠣᠯᠣᠯᠲᠠ ᠳ᠋ᠦ ᠣᠷᠣᠯᠴᠠᠬᠣ ᠪᠣᠯᠣᠨ᠎ᠠ᠃

ᠪᠦᠵᠢᠭᠲᠦ ᠵᠦᠴᠦᠭᠡ 《ᠮᠣᠷᠢᠲᠣ ᠴᠡᠷᠢᠭ》 ᠎ᠢ᠋ ᠨᠠᠢᠷᠠᠭᠣᠯᠣᠨ ᠵᠣᠬᠢᠶᠠᠬᠰᠠᠨ ᠲᠡᠷᠡ ᠴᠠᠬ ᠡᠴᠡ ᠠᠪᠣᠭᠠᠳ ᠲᠠᠰᠣᠷᠠᠯᠲᠠ ᠦᠭᠡᠢ ᠦᠭᠡᠷᠡᠴᠢᠯᠡᠨ ᠵᠠᠰᠠᠬᠰᠠᠭᠠᠷ ᠢᠷᠡᠵᠡᠢ᠃ ᠡᠨᠡ ᠣᠲᠠᠭᠠᠨ᠎ᠤ ᠲᠠᠯ᠎ᠠ ᠨᠣᠲᠣᠬ᠎ᠤᠨ ᠰᠣᠶᠣᠯ᠎ᠤᠨ ᠨᠠᠢᠷ ᠲᠦ᠍ ᠮᠠᠰᠢᠨ ᠪᠠᠭᠠᠵᠢ᠂ ᠭᠡᠷᠡᠯᠲᠦᠬᠦᠯᠭᠡ ᠪᠣᠯᠣᠨ ᠲᠠᠭᠣ ᠰᠢᠩᠭᠡᠭᠡᠯᠲᠡ ᠵᠡᠷᠭᠡ ᠣᠯᠠᠨ ᠲᠠᠯ᠎ᠠ ᠪᠡᠷ ᠶᠡᠬᠡᠬᠡᠨ ᠬᠦᠴᠦ ᠵᠠᠷᠣᠴᠠᠭᠣᠯᠵᠦ ᠵᠠᠰᠠᠯᠲᠠ ᠬᠢᠵᠡᠢ᠃ 《ᠰᠣᠩᠭᠣᠲᠠᠬ ᠪᠦᠲᠦᠭᠡᠯ ᠳ᠋ᠦ᠍ ᠠᠪᠴᠣ ᠬᠡᠯᠡᠪᠡᠯ ᠨᠠᠷᠢᠨ ᠵᠦᠢᠯᠡᠰ ᠪᠣᠯ ᠭᠣᠣᠯᠲᠠᠯᠭ᠎ᠠ ᠪᠣᠯᠣᠨ᠎ᠠ᠃ ᠡᠨᠡ ᠣᠲᠠᠭ᠎ᠠ ᠪᠦᠵᠢᠭᠲᠦ ᠵᠦᠴᠦᠭᠡ᠎ᠶᠢᠨ ᠭᠡᠷᠡᠯᠲᠦᠬᠦᠯᠭᠡ ᠳ᠋ᠦ᠍ ᠰᠢᠨ᠎ᠡ ᠮᠠᠰᠢᠨ ᠪᠠᠭᠠᠵᠢ ᠬᠣᠲᠠᠯᠲᠣᠨ ᠠᠪᠴᠦ ᠦᠵᠡᠭᠴᠢᠳ ᠲᠦ᠍ ᠨᠡᠩ ᠰᠠᠢᠬᠠᠨ ᠬᠠᠷᠠᠭᠠᠨ ᠰᠡᠷᠡᠯ᠎ᠤᠨ ᠲᠦᠷᠦᠭᠲᠡᠯ ᠣᠯᠭᠣᠬᠣ᠎ᠶᠢ ᠵᠣᠷᠢᠪᠠ᠃ ᠭᠡᠷᠡᠯᠲᠦᠬᠦᠯᠭᠡ ᠪᠣᠯ ᠵᠦᠴᠦᠭᠡ᠎ᠶᠢᠨ ᠲᠠᠢᠰᠠᠨ ᠳ᠋ᠡᠬᠢ ᠠᠬᠣᠢ ᠦᠵᠡᠭᠲᠡᠯ ᠶᠣᠮ᠃ ᠲᠡᠷᠡ ᠨᠢ ᠦᠵᠡᠭᠴᠢᠳ᠎ᠢ ᠬᠦᠲᠦᠯᠦᠨ ᠲᠠᠭᠠᠭᠤᠯᠵᠦ ᠵᠦᠴᠦᠭᠡ᠎ᠶᠢᠨ ᠬᠢᠯᠡᠰ ᠴᠡᠭ ᠪᠣᠯᠣᠨ ᠭᠣᠣᠯᠲᠠᠯᠭ᠎ᠠ᠎ᠶᠢ ᠮᠡᠲᠡᠷᠡᠬᠦᠯᠲᠡᠭ ᠪᠢᠯᠡ᠃ ᠣᠷᠠᠯᠢᠬ᠎ᠤᠨ ᠲᠠᠯ᠎ᠠ ᠪᠡᠷ ᠵᠦᠴᠦᠭᠡ᠎ᠶᠢᠨ ᠦᠢᠯᠡ ᠶᠠᠪᠣᠲᠠᠯ ᠳ᠋ᠦ ᠵᠣᠬᠢᠴᠠᠭᠣᠯᠣᠨ ᠭᠡᠷᠡᠯᠲᠦᠬᠦᠯᠭᠡ ᠪᠣᠯᠣᠨ ᠲᠠᠭᠣ ᠰᠢᠩᠭᠡᠭᠡᠯᠲᠡ᠎ᠶᠢ ᠵᠣᠬᠢᠴᠠᠭᠣᠯᠣᠨ ᠬᠠᠷᠠᠭᠠᠨ ᠰᠡᠷᠡᠯ ᠪᠣᠯᠣᠨ ᠰᠣᠨᠣᠷ᠎ᠢ ᠡᠪᠯᠢᠭ ᠣᠶᠠᠯᠲᠣᠭᠣᠯᠣᠬᠰᠠᠨ ᠪᠠᠢᠨ᠎ᠠ》 ᠭᠡᠵᠦ ᠵᠦᠴᠦᠭᠡ᠎ᠶᠢᠨ ᠬᠡᠷᠡᠯᠲᠦᠬᠦᠯᠭᠡ᠎ᠶᠢᠨ ᠲᠦᠰᠦᠪᠯᠡᠭᠴᠢ ᠯᠢᠦ ᠸᠸᠨ ᠬᠣᠣ ᠶᠠᠷᠢᠵᠦ ᠪᠠᠢᠯ᠎ᠠ᠃

ᠪᠦᠵᠢᠭᠲᠦ ᠵᠦᠴᠦᠭᠡ 《ᠮᠣᠷᠢᠲᠣ ᠴᠡᠷᠢᠭ》 ᠎ᠲᠦ᠍ ᠴᠡᠷᠢᠭ᠎ᠤᠨ ᠠᠬᠲᠠ 《ᠭᠠᠯ》 ᠎ᠢ᠋ ᠲᠣᠬᠯᠠᠬᠰᠠᠨ ᠲᠣᠬᠯᠠᠬᠴᠢ ᠪᠠᠶᠠᠨᠳᠠᠯᠠᠢ᠄ 《ᠪᠢ ᠬᠠᠷᠠᠬᠠᠨ ᠪᠠᠭ᠎ᠠ ᠡᠴᠡ ᠪᠠᠨ ᠮᠠᠯᠵᠢᠬᠣ ᠣᠷᠣᠨ ᠳ᠋ᠦ ᠦᠰᠦᠭᠰᠡᠨ ᠪᠤᠯᠬᠤᠷ ᠬᠦᠯᠦᠭ ᠮᠣᠷᠢ ᠲᠠᠢ ᠶᠡᠬᠡ ᠲᠠᠰᠣᠯ ᠶᠣᠮ᠃ ᠭᠡᠪᠡᠴᠦ ᠲᠣᠰ ᠵᠦᠴᠦᠭᠡ ᠳ᠋ᠦ ᠮᠣᠷᠢ᠎ᠶᠢ ᠲᠣᠬᠯᠠᠬᠣ ᠦᠶᠡᠰ ᠪᠠᠭ᠎ᠠ ᠪᠣᠰᠣ ᠬᠦᠴᠢᠷᠲᠡᠯ ᠲᠣᠯᠭᠠᠷᠠᠵᠦ᠂ ᠣᠨᠴᠠᠭᠠᠢᠯᠠᠨ ᠮᠣᠷᠢᠨ᠎ᠤ ᠡᠯ᠎ᠡ ᠵᠦᠢᠯ᠎ᠤᠨ ᠬᠦᠲᠡᠯᠦᠯ᠂ ᠵᠠᠩ ᠠᠭᠠᠰᠢ᠎ᠶᠢ ᠢᠯᠡᠷᠡᠬᠦᠯᠬᠦ ᠳ᠋ᠦ ᠶᠡᠬᠡ ᠰᠢᠯᠭᠠᠯᠲᠠ ᠪᠣᠯᠣᠬᠰᠠᠨ ᠶᠣᠮ 》 ᠭᠡᠵᠦ ᠶᠠᠷᠢᠵᠦ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面