2022-08-26 10:25:56
8 ᠰᠠᠷ᠎ᠠ ᠢ᠋ᠢᠨ 25 ᠤ᠋ ᠡᠳᠤᠷ ᠂《ᠬᠤᠨᠭᠱᠠᠨ·ᠯᠢᠶᠠᠩᠵᠦ᠍ ᠢ᠋ᠢᠨ ᠰᠣᠶᠣᠯ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠰᠣᠳᠣᠨ ᠪᠦᠲᠦᠭᠡᠯ ᠤ᠋ᠨ ᠦᠵᠡᠰᠬᠦᠯᠡᠡᠭ 》 ᠦᠪᠤᠷ ᠮᠤᠨᠭᠭᠤᠯ ᠤ᠋ᠨ ᠮᠦᠽᠸᠢ ᠳ᠋ᠤ ᠡᠬᠢᠯᠡᠵᠤ ᠂ ᠲᠤᠮᠳᠠᠳᠤ ᠢ᠋ᠢᠨ ᠪᠤᠯᠪᠠᠰᠤᠨ ᠤ᠋ ᠬᠡᠷᠡᠯ ᠰᠠᠴᠤᠷᠠᠨᠭᠭᠤᠢ ᠰᠤᠶᠤᠯ ᠤ᠋ᠨ ᠦᠪᠡᠷᠮᠢᠴᠡ ᠷᠢᠳᠢ ᠰᠢᠳᠢ ᠢ᠋ᠢ ᠤᠯᠠᠨ᠎ᠠ ᠭᠠᠢᠬᠠᠭᠤᠯᠤᠯᠠ ᠃
ᠬᠠᠰ ᠡᠳ᠋ᠯᠡᠯ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠵᠢᠡᠷ ᠭᠤᠤᠯ ᠪᠤᠯᠭᠠᠭᠰᠠᠨ ᠡᠨᠡ ᠬᠦ᠌ ᠦᠵᠡᠰᠬᠦᠯᠡᠡᠭ ᠪᠤᠯ ᠠᠷᠪᠠ ᠶᠢᠰᠦᠳᠤᠬᠡᠷ ᠬᠤᠭᠤᠴᠠᠭᠠᠨ ᠤ᠋ ᠲᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠴᠢᠬᠤᠯᠠ ᠨᠢᠬᠡ ᠠᠭᠤᠯᠭ᠎ᠠ ᠪᠠᠢᠵᠤ᠂ ᠬᠤᠩᠱᠠᠨ ᠰᠣᠶᠣᠯ ᠪᠤᠯᠤᠨ ᠯᠢᠶᠠᠩᠵᠦ ᠰᠣᠶᠣᠯ ᠤ᠋ᠨ ᠢᠯᠡᠷᠡᠭᠦᠯᠦᠯᠲᠡ᠂ ᠬᠦᠭᠵᠢᠨ ᠪᠠᠳᠠᠷᠠᠭᠰᠠᠨ ᠬᠠᠰ ᠤ᠋ᠨ ᠰᠣᠶᠣᠯ᠂ ᠲᠤᠮᠳᠠᠳᠤ ᠢ᠋ᠢᠨ ᠪᠤᠯᠪᠠᠰᠤᠨ ᠤ᠋ ᠡᠬᠦᠰᠦᠯ ᠳ᠋ᠤ ᠦᠵᠡᠭᠦᠯᠦᠭ᠌ᠰᠡᠨ ᠴᠢᠬᠤᠯᠠ ᠭᠠᠪᠢᠶ᠎ᠠ ᠵᠢᠳᠬᠦᠯ ᠬᠡᠬᠦ ᠭᠤᠷᠪᠠᠨ ᠪᠦᠯᠦᠭ ᠲᠦ᠍ ᠬᠤᠪᠢᠶᠠᠭᠳᠠᠨ᠂ ᠬᠤᠩᠱᠠᠨ ᠰᠣᠶᠣᠯ ᠪᠤᠯᠤᠨ ᠯᠢᠶᠠᠩᠵᠦ᠍ ᠰᠣᠶᠣᠯ ᠤ᠋ᠨ ᠲᠤᠬᠠᠢ ᠨᠡᠢᠲᠡ 280 ᠭᠠᠷᠤᠶ ᠲᠡᠤᠬᠡ ᠢ᠋ᠢᠨ ᠳᠤᠷᠠᠰᠭᠠᠯᠲᠤ ᠵᠦᠶ᠋ᠯᠡᠰ ᠢ᠋ ᠳᠡᠯᠭᠡᠨ ᠦᠵᠡᠭᠦᠯᠵᠤ ᠪᠠᠢᠨ᠎ᠠ ᠃
ᠬᠤᠩᠱᠠᠨ ᠰᠣᠶᠣᠯ ᠂ ᠯᠢᠶᠠᠩᠵᠦ᠍ ᠰᠣᠶᠣᠯ ᠪᠣᠯ ᠪᠠᠷᠠᠭᠤᠨ ᠯᠢᠶᠣᠤ ᠾᠧ ᠭᠣᠣᠯ ᠤ᠋ᠨ ᠰᠠᠪᠠ ᠭᠠᠵᠠᠷ ᠪᠤᠯᠤᠨ ᠬᠥᠬᠡᠮᠥ᠋ᠷᠡᠨᠦ ᠰᠠᠪᠠ ᠭᠠᠵᠠᠷ ᠤ᠋ᠨ ᠬᠤᠶᠠᠷ ᠰᠠᠯᠠᠭ᠎ᠠ ᠱᠢᠨ᠎ᠡ ᠴᠢᠯᠠᠭᠤᠨ ᠵᠡᠪᠰᠡᠭ ᠤ᠋ᠨ ᠦᠶ᠎ᠡ ᠶ᠋ᠢᠨ ᠬᠠᠭᠤᠴᠢ ᠰᠤᠳᠤᠯᠤᠯ ᠤ᠋ᠨ ᠰᠣᠶᠣᠯ ᠪᠤᠯᠬᠤ ᠪᠦᠭᠡᠳ ᠳᠤᠮᠳᠠᠳᠤ ᠵᠢᠨ ᠪᠣᠯᠪᠠᠰᠤᠨ ᠤ᠋ ᠡᠭᠦᠰᠦᠯ ᠂ ᠪᠦᠷᠢᠯᠳᠦᠯ ᠪᠠ ᠬᠥᠭ᠌ᠵᠢᠯᠲᠡ ᠵᠢᠨ ᠠᠬᠢᠴᠠ ᠳ᠋ᠤ ᠴᠢᠬᠤᠯᠠ ᠲᠡᠦᠬᠡᠨ ᠪᠠᠢᠷᠢ ᠰᠠᠭᠤᠷᠢ ᠲᠠᠢ ᠶᠤᠮ ᠃ ᠬᠤᠩᠱᠠᠨ ᠰᠣᠶᠣᠯ ᠤᠳᠤ ᠡᠴᠡ ᠪᠠᠷᠤᠭ 6500 ᠵᠢᠯ ᠡᠴᠡ 5000 ᠵᠢᠯ ᠤ᠋ᠨ ᠡᠮᠤᠨ᠎ᠠ ᠪᠤᠢ ᠪᠤᠯᠵᠤ ᠂ ᠯᠢᠶᠤᠤ ᠡᡁᠸ ᠭᠤᠤᠯ ᠡᠴᠡ ᠪᠠᠷᠠᠭᠤᠨᠰᠢ ᠦᠷᠭᠡᠨ ᠲᠠᠷᠬᠠᠵᠤ᠂ ᠤᠯᠠᠭᠠᠨᠬᠠᠳᠠ ᠬᠣᠲᠠ ᠢ᠋ᠢᠨ ᠬᠤᠨᠭᠱᠠᠨ ᠠᠭᠤᠯᠠ ᠢ᠋ᠢᠨ ᠠᠷᠦ ᠪᠠᠭᠤᠷᠢ ᠡᠴᠡ ᠢᠷᠡᠯᠳᠡᠢ ᠪᠤᠯᠬᠤᠷ ᠢᠨᠭᠬᠢᠵᠤ ᠨᠡᠷᠡᠯᠡᠭᠳᠡᠪᠡ᠃ ᠯᠢᠶᠠᠩᠵᠦ᠍ ᠰᠣᠶᠣᠯ ᠣᠳᠣ ᠡᠴᠡ ᠪᠠᠷᠤᠭ 5300 ᠵᠢᠯ ᠡᠴᠡ 4300 ᠵᠢᠯ ᠤ᠋ᠨ ᠡᠮᠤᠨ᠎ᠠ ᠪᠤᠢ ᠪᠤᠯᠵᠤ ᠂ ᠭᠤᠤᠯᠳᠠᠭᠤ ᠬᠥᠬᠡᠮᠥ᠋ᠷᠡᠨ ᠤ᠋ ᠲᠤᠤᠷᠠᠳᠤ ᠰᠠᠪᠠ ᠭᠠᠵᠠᠷ ᠢ᠋ᠢᠡᠷ ᠲᠠᠷᠬᠠᠨ᠂ ᠵᠧᠵᠢᠶᠠᠩ ᠮᠤᠵᠢ ᠵᠢᠨ ᠬᠠᠩᠵᠧᠦ᠍ ᠬᠤᠳᠠ ᠳ᠋ᠡᠬᠢ ᠯᠢᠶᠠᠩᠵᠦ᠍ ᠵᠢᠨ ᠪᠠᠭᠤᠷᠢ ᠡᠴᠡ ᠢᠷᠡᠯᠳᠡᠢ ᠪᠤᠯᠬᠤᠷ ᠢᠨᠭᠬᠢᠵᠤ ᠨᠡᠷᠡᠯᠡᠭᠳᠡᠵᠡᠢ ᠃
ᠨᠤᠮᠢᠨ ᠨᠤᠭᠤᠭᠠᠨ ᠬᠠᠰ ᠯᠤᠤ᠂ ᠡᠬᠦᠯᠡᠨ ᠬᠡᠯᠪᠡᠷᠢᠳᠤ ᠬᠠᠰ ᠵᠢᠮᠰᠡᠭ᠂ ᠬᠠᠰ ᠬᠡᠷᠡᠭᠰᠡᠯ ᠁ ᠦᠵᠡᠰᠬᠦᠯᠡᠡᠭ ᠤᠨ ᠲᠢᠨᠭᠬᠢᠮ ᠳ᠋ᠤ ᠨᠠᠷᠢᠯᠢᠭ ᠰᠠᠢᠬᠠᠨ ᠬᠢᠴᠡ ᠲᠠᠢ ᠬᠠᠰ ᠡᠳ᠋ᠯᠡᠯ ᠤ᠋ᠳ ᠦᠵᠡᠭᠴᠢᠳ ᠤ᠋ᠨ ᠰᠤᠨᠢᠷᠬᠠᠯ ᠢ᠋ ᠶᠠᠭᠠᠬᠢᠬᠤ ᠵᠢᠨ ᠠᠷᠭ᠎ᠠ ᠦᠬᠡᠢ ᠲᠠᠳᠠᠨ᠎ᠠ ᠃《ᠬᠠᠰ ᠡᠳ᠋ᠯᠡᠯ ᠪᠤᠯ ᠯᠢᠶᠠᠨᠭ᠌ᠵᠤ᠌ ᠰᠤᠶᠤᠯ ᠤ᠋ᠨ ᠲᠦᠯᠦᠬᠡᠯᠡᠬᠦ ᠴᠢᠨᠠᠷᠳᠡᠢ ᠵᠤᠢᠯᠡᠰ ᠮᠦᠨ᠂ ᠤᠳᠤ ᠯᠢᠨᠫᠢᠨᠭ ᠮᠦᠽᠸᠢ ᠳ᠋ᠤ 4000 ᠵᠦᠢᠯ ᠤ᠋ᠨ ᠬᠠᠰ ᠡᠳ᠋ᠯᠡᠯ ᠢ᠋ ᠬᠠᠳᠠᠭᠠᠯᠠᠵᠤ ᠪᠠᠢᠨ᠎ᠠ ᠂ ᠡᠨᠡ ᠤᠳᠠᠭ᠎ᠠ ᠪᠢᠳᠡ ᠨᠠᠷᠢᠯᠢᠭ ᠰᠠᠢᠬᠠᠨ ᠬᠢᠴᠡ ᠲᠠᠢ 80 ᠬᠠᠰ ᠡᠳ᠋ᠯᠡᠯ ᠢ᠋ ᠰᠤᠨᠭᠭᠤᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠲᠦ᠍ ᠲᠡᠯᠬᠡᠨ ᠦᠵᠡᠬᠦᠯᠵᠤ ᠪᠤᠢ᠃ ᠲᠤᠰ ᠦᠵᠡᠰᠬᠦᠯᠡᠡᠭ ᠨᠢ ᠬᠤᠶᠠᠷ ᠭᠠᠵᠠᠷ ᠤ᠋ᠨ ᠬᠢᠨ ᠤ᠋ ᠬᠠᠷᠢᠯᠴᠠᠨ ᠤᠢᠯᠠᠭᠠᠯᠴᠠᠵᠤ᠂ ᠰᠤᠶᠤᠯ ᠢ᠋ᠢᠡᠷ ᠨᠡᠪᠳᠡᠷᠡᠯᠴᠡᠬᠦ ᠵᠢ ᠠᠬᠢᠭᠤᠯᠵᠤ᠂ ᠬᠤᠶᠠᠷ ᠭᠠᠵᠠᠷ ᠤᠷᠤᠨ ᠤ᠋ ᠰᠤᠶᠤᠯ ᠤ᠋ᠨ ᠰᠤᠯᠢᠯᠴᠠᠭ᠎ᠠ ᠢ᠋ᠢ ᠠᠬᠢᠭᠤᠯᠤᠭᠰᠠᠨ ᠰᠠᠢᠬᠠᠨ ᠦᠵᠡᠰᠬᠦᠯᠡᠡᠭ ᠪᠤᠯᠵᠤ ᠪᠠᠢᠨ᠎ᠠ》 ᠬᠡᠵᠤ ᠬᠠᠨᠭᠵᠸᠤ ᠬᠤᠳᠠ ᠢ᠋ᠢᠨ ᠯᠢᠨᠫᠢᠨᠭ ᠮᠦᠽᠸᠢ ᠢ᠋ᠢᠨ ᠲᠡᠳ᠋ ᠲᠠᠷᠤᠭ᠎ᠠ ᠯᠢᠦ ᠲᠤᠤ ᠤᠷᠮᠠᠳᠡᠢ ᠶᠠᠷᠢᠨ᠎ᠠ ᠃
ᠬᠤᠩᠱᠠᠨ ᠰᠣᠶᠣᠯ ᠪᠣᠯᠤᠨ ᠯᠢᠶᠠᠩᠵᠦ᠍ ᠰᠣᠶᠣᠯ ᠪᠤᠯ ᠳᠤᠮᠳᠠᠳᠤ ᠵᠢᠨ ᠪᠣᠯᠪᠠᠰᠤᠨ ᠤ᠋ ᠡᠭᠦᠰᠦᠯ ᠤ᠋ᠨ ᠴᠢᠬᠤᠯᠠ ᠪᠦᠷᠢᠯᠳᠤᠬᠦᠨ ᠬᠡᠰᠡᠭ ᠮᠦᠨ ᠂ ᠬᠠᠰ ᠡᠳ᠋ᠯᠡᠬᠦ ᠂ ᠬᠠᠰ ᠵᠠᠰᠠᠬᠤ᠂ ᠬᠠᠰ ᠲᠡᠬᠡᠳᠤᠯᠡᠬᠦ ᠤᠯᠠᠮᠵᠢᠯᠡᠯ ᠬᠢᠬᠡᠳ ᠡᠬᠦᠨ ᠤ᠋ ᠶᠠᠪᠤᠴᠠ ᠳ᠋ᠤ ᠪᠦᠷᠢᠯᠳᠦᠭᠰᠡᠨ ᠶᠤᠰᠤ ᠲᠦᠷᠢᠮ ᠤ᠋ᠨ ᠰᠤᠶᠤᠯ ᠨᠢ ᠲᠤᠮᠳᠠᠳᠤ ᠢ᠋ᠢᠨ ᠰᠤᠶᠤᠯ ᠤ᠋ᠨ ᠤᠬᠢ ᠱᠦᠯᠳᠤ ᠂ ᠲᠤᠮᠳᠠᠳᠤ ᠢ᠋ᠢᠨ ᠪᠤᠯᠪᠠᠰᠤᠨ ᠤ᠋ ᠦᠪᠡᠷᠮᠢᠴᠡ ᠤᠨᠴᠠᠭᠠᠢ ᠤᠶᠤᠨ ᠰᠠᠨᠠᠭᠠᠨ ᠤ᠋ ᠱᠤᠱᠢᠭ᠎ᠠ ᠲᠡᠮᠳᠡᠭ ᠪᠤᠯᠵᠤ ᠂ ᠲᠤᠮᠳᠠᠳᠤ ᠢ᠋ᠢᠨ ᠪᠤᠯᠪᠠᠰᠤᠨ ᠤ᠋ ᠤᠯᠠᠨ ᠡᠰᠢᠳᠤ ᠨᠢᠬᠡ ᠴᠤᠭᠴᠠᠵᠢᠭᠰᠠᠨ ᠲᠤᠭᠳᠠᠴᠠ ᠢ᠋ᠢᠨ ᠪᠦᠷᠢᠯᠳᠦᠯ ᠪᠡ ᠬᠦᠭᠵᠢᠯ ᠢ᠋ ᠨᠤᠳᠠᠯᠠᠨ ᠬᠡᠷᠡᠴᠢᠯᠡᠭᠰᠡᠨ ᠪᠠᠢᠨ᠎ᠠ ᠃《ᠪᠢᠳᠡ ᠬᠤᠩᠱᠠᠨ ᠰᠣᠶᠣᠯ ᠪᠣᠯᠤᠨ ᠯᠢᠶᠠᠩᠵᠦ᠍ ᠰᠤᠶᠤᠯ ᠤ᠋ᠨ ᠰᠤᠳᠤᠨ ᠪᠦᠳᠦᠭᠡᠯ ᠢ᠋ ᠲᠡᠯᠬᠡᠨ ᠦᠵᠡᠬᠦᠯᠬᠦ ᠪᠡᠷ ᠲᠡᠮᠵᠢᠨ ᠬᠦᠮᠦᠰ ᠲᠦ᠍ ᠲᠤᠮᠳᠠᠳᠤ ᠢ᠋ᠢᠨ ᠪᠤᠯᠪᠠᠰᠤᠨ ᠤ᠋ ᠡᠬᠦᠰᠦᠯ ᠤ᠋ᠨ ᠤᠯᠠᠨ ᠡᠰᠢᠳᠤ ᠨᠢᠬᠡ ᠴᠤᠭᠴᠠᠵᠢᠭᠰᠠᠨ ᠪᠠᠢᠷᠢᠰᠢᠯ ᠳ᠋ᠤ ᠤᠢᠯᠠᠭᠠᠯᠳᠠ ᠲᠠᠢ ᠪᠤᠯᠭᠠᠵᠤ ᠂ ᠦᠨᠢ ᠤᠳᠠᠭᠠᠨ ᠤᠯᠠᠮᠵᠢᠯᠡᠯ ᠲᠠᠢ ᠂ ᠦᠷᠭᠡᠨ ᠲᠡᠯᠬᠡᠷ ᠬᠦᠨ ᠬᠦᠨᠵᠡᠬᠡᠢ ᠲᠤᠮᠳᠠᠳᠤ ᠢ᠋ᠢᠨ ᠪᠤᠯᠪᠠᠰᠤᠨ ᠢ᠋ ᠨᠡᠨᠭ᠌ ᠰᠠᠢᠨ ᠲᠠᠨᠢᠭᠤᠯᠬᠤ ᠵᠢ ᠵᠤᠷᠢᠭᠰᠠᠨ ᠶᠤᠮ》 ᠬᠡᠵᠤ ᠦᠪᠤᠷ ᠮᠤᠨᠭᠭᠤᠯ ᠤ᠋ᠨ ᠮᠦᠽᠸᠢ ᠢ᠋ᠢᠨ ᠲᠡᠳ᠋ ᠲᠠᠷᠤᠭ᠎ᠠ ᠹᠦ ᠨᠢᠨᠭ ᠲᠠᠨᠢᠯᠴᠠᠭᠤᠯᠪᠠ ᠃
ᠲᠤᠰ ᠦᠵᠡᠰᠬᠦᠯᠡᠡᠭ ᠢ ᠦᠪᠡᠷᠳᠡᠭᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠡᠯ ᠤ᠋ᠨ ᠲᠢᠨᠭᠬᠢᠮ᠂ ᠦᠪᠡᠷᠳᠡᠭᠡᠨ ᠵᠠᠰᠠᠬᠤ ᠤᠷᠤᠨ ᠤ᠋ ᠲᠡᠤᠬᠡ ᠢ᠋ᠢᠨ ᠲᠤᠷᠠᠰᠬᠠᠯᠳᠤ ᠵᠦᠢᠯᠡᠰ ᠤ᠋ᠨ ᠲᠤᠪᠴᠢᠶ᠎ᠠ ᠭᠤᠤᠯᠯᠠᠨ ᠡᠷᠬᠢᠯᠡᠵᠤ ᠂ ᠦᠪᠤᠷ ᠮᠤᠨᠭᠭᠤᠯ ᠤ᠋ᠨ ᠮᠦᠽᠸᠢ᠂ ᠬᠠᠩᠵᠸᠤ ᠬᠤᠳᠠ ᠵᠢᠨ ᠯᠢᠨᠫᠢᠨᠭ ᠮᠦᠽᠸᠢ᠂ ᠯᠢᠶᠤᠤᠨᠢᠩ ᠮᠤᠵᠢ ᠵᠢᠨ ᠮᠦᠽᠸᠢ ᠵᠡᠷᠬᠡ ᠨᠢᠬᠡᠴᠢ ᠡᠴᠡ ᠲᠠᠭᠠᠭᠠᠴᠢᠯᠠᠨ ᠡᠷᠬᠢᠯᠡᠪᠡ ᠃ ᠦᠵᠡᠰᠬᠦᠯᠡᠡᠭ ᠨᠢ ᠪᠠᠶᠠᠳᠤ ᠴᠤᠭᠴᠡ᠂ ᠤᠷᠠᠨ ᠮᠡᠳᠡᠷᠡᠮᠵᠢ ᠪᠠ ᠦᠷ᠎ᠠ ᠪᠦᠳᠦᠮᠵᠢ ᠵᠢ ᠠᠭᠤᠰᠬᠠᠭᠰᠠᠨ ᠲᠡᠯᠬᠡᠨ ᠦᠵᠡᠬᠦᠯᠬᠡ ᠵᠢᠨ ᠠᠷᠭ᠎ᠠ ᠬᠡᠯᠪᠡᠷᠢ ᠪᠡᠷ 10 ᠰᠠᠷ᠎ᠠ ᠵᠢᠨ 10 ᠤ᠋ ᠡᠳᠦᠷ ᠪᠤᠯᠳᠠᠯ᠎ᠠ ᠦᠷᠬᠦᠯᠵᠢᠯᠡᠬᠦ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃