ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-26 10:22:16

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠨᠠᠢᠷᠠᠯ ᠬᠦᠭᠵᠢᠮ ᠤ᠋ᠨ ᠠᠶᠠᠰ ᠬᠦᠮᠦᠰ ᠤ᠋ᠨ ᠰᠡᠳᠬᠢᠯ ᠢ᠋ ᠲᠤᠭᠳᠤᠯᠤᠭᠤᠯᠤᠨ᠎ᠠ᠃ 8 ᠰᠠᠷ᠎ᠠ ᠵᠢᠨ 25 ᠤ᠋ ᠤᠷᠤᠢ᠂ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ 《ᠮᠦᠩᠬᠡ ᠵᠢᠨ ᠠᠢᠵᠠᠮ》 ᠨᠠᠢᠷᠠᠯ ᠳᠠᠭᠤᠤ ᠬᠦᠭᠵᠢᠮ ᠤ᠋ᠨ ᠦᠳᠡᠰᠢᠯᠡᠭᠡ 《ᠤᠯᠠᠭᠠᠨ ᠲᠤᠭ ᠤ᠋ᠨ ᠮᠠᠭᠳᠠᠭᠤ》 ᠪᠡᠷ ᠬᠦᠰᠢᠭᠡ ᠪᠠᠨ ᠰᠡᠬᠦᠯ᠎ᠠ ᠃

ᠠᠷᠪᠠ ᠶᠢᠰᠦᠳᠤᠬᠡᠷ ᠬᠤᠭᠤᠴᠠᠭᠠᠨ ᠤ᠋ ᠲᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠰᠢᠯᠢᠳᠡᠭ ᠲᠤᠭᠯᠠᠯᠳᠠ ᠵᠢᠨ ᠨᠢᠬᠡ ᠪᠤᠯᠬᠤ 《ᠮᠦᠩᠬᠡ ᠵᠢᠨ ᠠᠢᠵᠠᠮ》 ᠨᠠᠢᠷᠠᠯ ᠳᠠᠭᠤᠤ ᠬᠦᠭᠵᠢᠮ ᠤ᠋ᠨ ᠦᠳᠡᠰᠢᠯᠡᠭᠡ ᠵᠢᠨ ᠲᠠᠬᠡᠳᠤ ᠬᠠᠭᠠᠰ ᠲᠠᠯᠠᠪᠠᠢ ᠵᠢᠨ ᠲᠤᠭᠯᠠᠯᠳᠠ ᠳ᠋ᠤ ᠪᠦᠬᠦ ᠤᠯᠤᠰ ᠤ᠋ᠨ ᠠᠷᠠᠳ ᠲᠦᠮᠡᠨ ᠤ᠋ ᠰᠠᠢᠨ ᠮᠡᠳᠡᠳᠡᠭ 《ᠰᠡᠭᠡᠭᠡᠷᠡᠭᠰᠡᠨ ᠤᠨ ᠵᠢᠯ》᠂ 《ᠬᠤᠷᠴᠠ ᠤᠯᠠᠭᠠᠨ ᠴᠡᠴᠡᠭ》᠂ 《ᠡᠮᠡᠭᠳᠡᠢ ᠤᠯᠠᠭᠠᠨ ᠴᠡᠷᠢᠭ》 ᠵᠡᠷᠭᠡ ᠰᠤᠩᠭᠤᠳᠠᠭ ᠬᠤᠪᠢᠰᠬᠠᠯ ᠤ᠋ᠨ ᠠᠶ᠎ᠠ ᠵᠢ ᠬᠦᠭᠵᠢᠮᠳᠡᠵᠦ᠂ ᠲᠤᠮᠳᠠᠳᠦ ᠤᠯᠤᠰ ᠤ᠋ᠨ ᠡᠪ ᠬᠠᠮᠳᠦ ᠨᠠᠮ ᠤ᠋ᠨ ᠤᠳᠤᠷᠢᠳᠤᠯᠭ᠎ᠠ ᠲᠤᠤᠷ᠎ᠠ ᠡᠷᠬᠡ ᠴᠢᠯᠦᠭᠡ ᠪᠠᠨ ᠲᠡᠮᠡᠴᠡᠨ ᠤᠯᠵᠦ ᠂ ᠵᠤᠯ ᠵᠢᠷᠭᠠᠯ ᠲᠠᠢ ᠠᠮᠢᠳᠤᠷᠠᠵᠦ ᠪᠠᠢᠭ᠎ᠠ ᠠᠷᠠᠳ ᠤᠯᠠᠨ ᠤ᠋ ᠨᠠᠮ ᠤ᠋ᠨ ᠠᠴᠢ ᠳ᠋ᠤ ᠳᠠᠯᠠᠷᠬᠠᠨ᠂ ᠬᠦᠰᠡᠯ ᠬᠦᠭᠡᠭᠡᠴᠡᠯᠳᠦᠯ ᠤ᠋ᠨ ᠵᠢᠡᠨ ᠲᠦᠯᠦᠭᠡ ᠴᠤᠴᠠᠯᠳᠠ ᠦᠬᠡᠢ ᠤᠷᠤᠭᠰᠢᠯᠠᠬᠤ ᠵᠤᠷᠢᠬ ᠰᠠᠨᠠᠭ᠎ᠠ ᠵᠢ ᠤᠷᠠᠯᠢᠭ ᠵᠢᠡᠷ ᠢᠯᠡᠳᠬᠡᠭᠰᠡᠨ ᠪᠠᠢᠨ᠎ᠠ ᠃

ᠲᠤᠰ ᠦᠳᠡᠰᠢᠯᠡᠬᠡ ᠵᠢ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠡᠴᠡ ᠲᠤᠭᠯᠠᠵᠠᠢ ᠃《ᠡᠨᠡ ᠬᠦ᠌ ᠳᠠᠭᠤᠤ ᠬᠦᠭᠵᠢᠮ ᠤ᠋ᠨ ᠦᠳᠡᠰᠢᠯᠡᠬᠡ ᠪᠤᠯ ᠮᠠᠨᠤᠰ ᠤ᠋ᠨ ᠤᠨᠴᠠᠯᠠᠨ ᠪᠡᠯᠡᠳᠬᠡᠭᠰᠡᠨ ᠲᠤᠭᠯᠠᠯᠳᠠ ᠪᠤᠯᠤᠨ᠎ᠠ᠃ ᠨᠢᠬᠡ ᠲᠠᠯ᠎ᠠ ᠪᠡᠷ ᠢᠷᠠᠭᠤ ᠰᠠᠢᠬᠠᠨ ᠳᠠᠭᠤᠤ ᠬᠦᠭᠵᠢᠮ ᠤ᠋ᠨ ᠦᠳᠡᠰᠢᠯᠡᠭᠡ ᠪᠡᠷ ᠳᠠᠮᠵᠢᠨ ᠬᠦᠮᠦᠰ ᠲᠦ᠍ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠪᠤᠯ ᠳᠡᠯᠡᠬᠡᠢᠴᠢᠯᠡᠭᠰᠡᠨ ᠨᠠᠢᠷ ᠭᠡᠳᠡᠭ ᠵᠢᠡᠨ ᠳᠠᠨᠢᠭᠤᠯᠵᠤ᠂ ᠨᠦᠬᠦᠭᠡ ᠳᠠᠯ᠎ᠠ ᠪᠡᠷ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠵᠢᠡᠷ ᠲᠠᠮᠵᠢᠨ ᠨᠡᠩ ᠤᠯᠠᠨ ᠦᠵᠡᠭᠴᠢᠳ ᠲᠦ᠍ ᠰᠢᠯᠢᠳᠡᠭ ᠳᠠᠭᠤᠤ ᠬᠦᠭᠵᠢᠮ ᠢ᠋ ᠰᠤᠨᠢᠷᠬᠠᠭᠤᠯᠬᠤ ᠪᠤᠯ ᠪᠢᠳᠡᠨ ᠤ᠋ ᠵᠤᠷᠢᠯᠳᠠ ᠪᠠᠢᠭ᠎ᠠ ᠶᠤᠮ》 ᠭᠡᠵᠦ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠤᠳᠤᠷᠢᠳᠤᠭᠠᠴᠢ ᠴᠠᠢ ᠬᠤᠤ ᠹᠦ ᠶᠠᠷᠢᠵᠦ ᠪᠠᠢᠯ᠎ᠠ ᠃

《ᠪᠠᠭᠠᠲᠤᠷ ᠢᠳᠡᠳᠡᠨ ᠤ᠋ ᠰᠦᠷ ᠰᠦᠯᠳᠡ ᠪᠤᠯᠤᠭᠰᠠᠨ ᠬᠠᠳᠤᠨ ᠭᠤᠤᠯ ᠮᠢᠨᠢ᠂ ᠠᠽᠢᠶ᠎ᠠ ᠵᠢᠨ ᠴᠡᠭᠡᠵᠢᠨ ᠳ᠋ᠤ ᠬᠦᠷᠬᠢᠷᠡᠨ ᠳᠠᠪᠠᠯᠭᠠᠯᠠᠨᠠᠮ; ᠪᠠᠬᠠᠳᠤᠮ᠎ᠠ ᠦᠨᠳᠦᠰᠦᠳᠡᠨ ᠤ᠋ ᠵᠤᠷᠢᠭ ᠰᠠᠨᠠᠭᠠᠨ ᠤ᠋ ᠲᠦᠯᠦᠭᠡᠯᠡᠯ ᠪᠤᠯᠵᠦ ᠂ ᠠᠭᠤᠤ ᠶᠡᠬᠡ ᠮᠦᠷᠳᠡᠭᠡᠨ ᠠᠳᠠᠪᠠᠰᠢ ᠬᠠᠳᠠᠨ ᠵᠤᠷᠢᠭ ᠲᠠᠢ ᠂ ᠬᠠᠳᠤᠨ ᠭᠤᠤᠯ ᠮᠢᠨᠢ!》 ᠬᠡᠵᠤ ᠲᠤᠤᠷᠠᠳᠤ ᠬᠠᠭᠠᠰ ᠳᠠᠯᠠᠪᠠᠢ ᠵᠢᠨ ᠲᠤᠭᠯᠠᠯᠳᠠ ᠳ᠋ᠤ 《ᠬᠠᠳᠤᠨ ᠭᠤᠤᠯ ᠤ᠋ᠨ ᠮᠠᠭᠳᠠᠭᠤ》 ᠵᠡᠷᠭᠡ ᠰᠤᠩᠭᠤᠳᠠᠭ ᠳᠠᠭᠤᠤ ᠵᠢ ᠳᠠᠭᠤᠯᠠᠵᠤ ᠂ ᠳᠠᠭᠤᠤ ᠬᠦᠭᠵᠢᠮ ᠤ᠋ᠨ ᠷᠢᠳᠢ ᠰᠢᠳᠢ ᠪᠡᠷ ᠠᠬᠤᠢ ᠲᠠᠯᠠᠪᠠᠢ ᠵᠢᠨ ᠦᠵᠡᠭᠴᠢᠳ ᠢ᠋ ᠤᠷᠪᠠᠭᠠᠨ ᠬᠦᠷᠪᠡᠭᠡᠨ ᠲᠠᠢ ᠤᠨ ᠵᠢᠯ ᠳ᠋ᠤ ᠤᠮᠤᠭ ᠳᠡᠬᠦᠯᠳᠡᠷ ᠂ ᠡᠷᠡᠯᠬᠡᠭ ᠪᠠᠭᠠᠳᠤᠷᠯᠢᠭ ᠵᠢᠡᠷ ᠤᠷᠤᠭᠰᠢᠯᠠᠭᠰᠠᠨ ᠢᠷᠠᠭᠤ ᠠᠯᠳᠠᠷᠳᠦ ᠲᠡᠥᠬᠡ ᠵᠢᠨ ᠡᠷᠬᠢᠴᠡᠬᠦᠯᠦᠯ ᠳ᠋ᠤ ᠤᠷᠤᠭᠤᠯᠤᠯ᠎ᠠ ᠃

ᠦᠶ᠎ᠡ ᠦᠶ᠎ᠡ ᠨᠢᠵᠢᠬᠢᠨᠡᠬᠦ ᠠᠯᠭ᠎ᠠ ᠳᠠᠰᠢᠯᠳᠠ ᠪᠤᠯᠤᠨ ᠤᠤᠬᠠᠢᠯᠠᠬᠤ ᠳᠠᠭᠤ ᠪᠤᠯ ᠲᠠᠢᠰᠠᠨ ᠲᠠᠬᠡᠷᠡᠬᠢ ᠲᠤᠭᠯᠠᠭᠴᠢᠳ ᠲᠦ᠍ ᠦᠭᠬᠦᠭᠰᠠᠨ ᠰᠡᠳᠬᠢᠯ ᠤ᠋ᠨ ᠪᠡᠯᠡᠭ ᠶᠤᠮᠰᠠᠨ᠃ ᠦᠳᠡᠰᠢᠯᠡᠬᠡ ᠠᠮᠵᠢᠯᠳᠠ ᠲᠠᠢ ᠶᠠᠪᠤᠭᠳᠠᠵᠦ᠂ ᠦᠵᠡᠭᠴᠢᠳ ᠤ᠋ᠨ ᠰᠡᠳᠬᠢᠯ ᠳ᠋ᠤ ᠬᠦᠷᠬᠡᠨ᠎ᠠ ᠭᠡᠳᠡᠭ ᠪᠤᠯ ᠤᠷᠠᠯᠢᠭᠴᠢᠳ ᠤ᠋ᠨ ᠤᠭ ᠰᠠᠨᠠᠭ᠎ᠠ᠂ ᠨᠡᠩ ᠴᠤ᠌ ᠤᠷᠠᠯᠢᠭ ᠤ᠋ᠨ ᠠᠵᠢᠯᠳᠠᠳ ᠤ᠋ᠨ ᠬᠦᠴᠦ ᠬᠦᠳᠡᠯᠮᠦᠷᠢ ᠪᠠᠢᠭ᠎ᠠ ᠭᠡᠳᠡᠭ ᠢ᠋ ᠨᠠᠢᠷᠠᠯ ᠬᠦᠭᠵᠢᠮ ᠤ᠋ᠨ ᠪᠦᠯᠬᠦᠮ ᠤ᠋ᠨ ᠠᠬᠠᠯᠠᠭᠴᠢ ᠯᠢ ᠽᠢ ᠶᠤᠧᠠᠢ ᠵᠢᠨ ᠦᠬᠡ ᠡᠴᠡ ᠨᠡᠩ ᠬᠦᠨᠵᠡᠬᠡᠢ ᠮᠡᠳᠡᠷᠡᠯ᠎ᠡ ᠃ ᠲᠡᠷᠡ᠄ 《ᠮᠠᠨ ᠤ᠋ ᠪᠦᠯᠬᠦᠮ ᠤ᠋ᠨ ᠬᠢᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠤᠯᠠᠨ ᠳᠠᠯᠠᠪᠠᠢ ᠲᠤᠭᠯᠠᠯᠳᠠ ᠳ᠋ᠤ ᠤᠷᠤᠯᠴᠠᠵᠤ᠂ ᠳᠠᠯᠠᠪᠠᠢ ᠪᠤᠯᠭᠠᠨ ᠤ᠋ ᠲᠤᠭᠯᠠᠯᠳᠠ ᠳ᠋ᠤ ᠪᠦᠷ ᠨᠢᠮᠪᠠᠢ ᠪᠤᠯᠪᠠᠰᠤᠷᠠᠨ ᠨᠠᠷᠢᠯᠢᠭ ᠪᠡᠯᠡᠳᠬᠡᠵᠤ᠂ ᠦᠳᠡᠰᠢᠯᠡᠬᠡ ᠪᠠᠨ ᠳᠡᠬᠦᠰ ᠠᠮᠵᠢᠯᠳᠠ ᠲᠠᠢ ᠶᠠᠪᠤᠭᠳᠠᠭᠤᠯᠬᠤ ᠪᠡᠷ ᠪᠦᠯᠬᠦᠮᠳᠡᠨ ᠴᠢᠷᠮᠠᠢᠭᠰᠠᠨ ᠪᠠᠢᠨ᠎ᠠ》 ᠭᠡᠯ᠎ᠠ ᠃

《ᠪᠡᠭᠡᠵᠢᠩ ᠤ᠋ᠨ ᠪᠠᠶᠠᠷᠲᠦ ᠴᠢᠮᠡᠭᠡ ᠬᠢᠯᠢ ᠵᠢᠨ ᠲᠤᠰᠬᠤᠨ ᠳ᠋ᠤ》 ᠬᠦᠷᠴᠦ᠂ ᠣᠷᠭᠢᠯᠤᠮ᠎ᠠ ᠬᠠᠯᠠᠭᠤᠨ ᠬᠥᠭ ᠠᠶᠠᠰ ᠵᠢᠡᠷ ᠬᠢᠯᠢ ᠬᠢᠵᠠᠭᠠᠷ ᠤ᠋ᠨ ᠠᠷᠠᠳ ᠲᠦᠮᠡᠨ ᠤ᠋ ᠡᠨᠡ ᠬᠦ᠌ ᠪᠠᠶᠠᠷ ᠤ᠋ᠨ ᠴᠢᠮᠡᠭᠡ ᠶ᠋ᠢ ᠰᠣᠨᠣᠰᠤᠭ᠍ᠰᠠᠨ ᠤ᠋ ᠳᠠᠷᠠᠭᠠᠬᠢ ᠪᠠᠶᠠᠷᠯᠠᠨ ᠬᠥᠭᠡᠷᠦᠯᠳᠦᠭ᠌ᠰᠡᠨ ᠪᠠᠢᠳᠠᠯ ᠢ᠋ ᠠᠮᠢᠳᠤᠯᠢᠭ ᠵᠢᠡᠷ ᠢᠯᠡᠳᠬᠡᠵᠤ᠂ ᠠᠭᠤᠯᠠᠨ ᠲᠤᠰᠬᠤᠨ ᠤ᠋ ᠬᠥᠪᠡᠭᠦᠳ ᠥᠬᠢᠳ ᠤ᠋ᠨ ᠪᠠᠶᠠᠷ ᠪᠠᠬᠠᠳᠤᠯ ᠲᠠᠢ ᠴᠤᠭ ᠵᠤᠯᠪᠤᠭ᠎ᠠ ᠲᠠᠢ ᠲᠦᠷᠢ ᠪᠠᠢᠳᠠᠯ ᠢ᠋ ᠨᠢᠳᠦᠨ ᠳ᠋ᠤ ᠦᠵᠡᠭᠳᠡᠳᠡᠯ᠎ᠡ ᠬᠦᠭᠵᠢᠮᠳᠡᠵᠦ᠂ ᠦᠳᠡᠰᠢᠯᠡᠬᠡ ᠵᠢᠷᠭᠠᠭᠰᠠᠨ ᠴᠤ᠌ ᠤᠳᠠᠳᠠᠯ᠎ᠠ ᠤᠢ ᠪᠤᠳᠤᠯ ᠡᠴᠡ ᠰᠠᠯᠬᠤ ᠦᠬᠡᠢ ᠡᠷᠬᠢᠯᠳᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面