ᠰᠣᠶᠣᠯ ᠤᠷᠠᠯᠢᠭ > ᠠᠷᠪᠠ ᠶᠢᠰᠦᠳᠦᠭᠡᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2022-08-27 12:27:21

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠴᠤᠭ ᠵᠤᠯᠢ ᠪᠠᠳᠠᠷᠠᠭᠰᠠᠨ ᠪᠦᠵᠢᠭᠴᠢᠳ《ᠠᠷᠠᠳ ᠤ᠋ᠨ ᠤᠯᠠᠭᠠᠨᠮᠦ᠋ᠴᠢᠷ》ᠬᠡᠬᠦ ᠪᠦᠵᠢᠭ ᠵᠢᠡᠨ ᠪᠦᠵᠢᠭᠯᠡᠵᠦ ᠦᠳᠡᠰᠢᠯᠡᠬᠡ ᠪᠠᠨ ᠡᠬᠢᠯᠡᠬᠦᠯᠬᠦ ᠳ᠋ᠤ ᠠᠬᠤᠢ ᠳᠠᠯᠠᠪᠠᠢ ᠬᠦᠷ ᠬᠦᠭᠵᠢᠶᠡᠨ ᠵᠢᠡᠷ ᠪᠢᠯᠬᠠᠯ᠎ᠠ᠃ 8 ᠰᠠᠷ᠎ᠠ ᠵᠢᠨ 26 ᠤ᠋ ᠤᠷᠤᠢ ᠂ ᠬᠦᠬᠡᠬᠤᠳᠠ ᠵᠢᠨ ᠦᠯᠢᠭᠡᠷ ᠤᠷᠠᠯᠢᠭ ᠤ᠋ᠨ ᠤᠷᠳᠤᠨ ᠳ᠋ᠤ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠲᠤᠭᠯᠠᠭᠰᠠᠨ《ᠦᠷᠨᠢᠨ ᠬᠦᠭᠵᠢᠬᠡ ᠡᠵᠡᠨ᠎ᠡ ᠬᠤᠰᠢᠭᠤ ᠡᠷᠡᠮᠡᠬᠡᠢᠯᠡᠨ ᠤᠷᠤᠭᠰᠢᠯᠠᠭ᠎ᠠ ᠰᠢᠨ᠎ᠠ ᠠᠶᠠᠨ》 ᠲᠤᠰᠬᠠᠢ ᠳᠠᠯᠠᠪᠠᠢ ᠦᠳᠡᠰᠢᠯᠡᠬᠡ ᠵᠢ ᠰᠤᠨᠢᠷᠬᠠᠭᠰᠠᠨ ᠦᠵᠡᠭᠴᠢᠳ《ᠤᠯᠠᠭᠠᠨᠮᠦ᠋ᠴᠢᠷ ᠤᠤᠬᠠᠢ !》 ᠬᠡᠮᠡᠨ ᠦᠪᠡᠷ ᠤ᠋ᠨ ᠡᠷᠬᠡ ᠦᠬᠡᠢ ᠪᠠᠬᠠᠳᠤᠨ ᠱᠠᠭᠰᠢᠵᠠᠭᠠᠨ᠎ᠠ᠃

ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠡᠨᠡ ᠬᠦ᠌ ᠲᠤᠭᠯᠠᠯᠳᠠ ᠪᠤᠯ ᠠᠷᠪᠠ ᠶᠢᠰᠦᠳᠤᠬᠡᠷ ᠬᠤᠭᠤᠴᠠᠭᠠᠨ ᠤ᠋ ᠲᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠴᠢᠬᠤᠯᠠ ᠠᠭᠤᠯᠭ᠎ᠠ ᠪᠤᠯᠬᠤ ᠤᠯᠠᠭᠠᠨᠮᠦ᠋ᠴᠢᠷ ᠤ᠋ᠨ ᠰᠢᠯᠢᠳᠡᠭ ᠲᠤᠭᠯᠠᠯᠳᠠ ᠵᠢᠨ ᠦᠵᠡᠬᠦᠯᠭᠡ ᠵᠢᠨ ᠨᠢᠬᠡ ᠲᠠᠯᠠᠪᠠᠢ ᠲᠤᠭᠯᠠᠯᠳᠠ ᠪᠤᠯᠤᠨ᠎ᠠ᠃ ᠤᠯᠠᠭᠠᠨᠮᠦ᠋ᠴᠢᠷ ᠤ᠋ᠨ ᠰᠢᠯᠢᠳᠡᠭ ᠲᠤᠭᠯᠠᠯᠳᠠ ᠵᠢᠨ ᠦᠵᠡᠬᠦᠯᠭᠡ 8 ᠰᠠᠷ᠎ᠠ ᠵᠢᠨ 24 ᠤ᠋ ᠤᠷᠤᠢ ᠬᠦᠰᠢᠬᠡ ᠪᠠᠨ ᠰᠡᠬᠦᠵᠤ᠂ ᠮᠠᠨ ᠤ᠋ ᠤᠷᠤᠨ ᠤ᠋ ᠤᠯᠠᠭᠠᠨᠮᠦ᠋ᠴᠢᠷ ᠤ᠋ᠨ ᠬᠦᠭᠵᠢᠯᠳᠡ ᠳᠠᠪᠰᠢᠯᠳᠠ ᠵᠢ ᠪᠦᠬᠦ ᠲᠠᠯ᠎ᠠ ᠪᠡᠷ ᠬᠠᠷᠠᠭᠤᠯᠵᠦ ᠂ ᠵᠦᠢᠯ ᠤ᠋ᠨ ᠴᠡᠴᠡᠭ ᠦᠩᠭᠡ ᠪᠤᠯᠢᠶᠠᠯᠳᠤᠨ ᠳᠡᠯᠭᠡᠷᠡᠭᠰᠡᠨ ᠦᠪᠦᠷ ᠮᠤᠨᠭᠭᠤᠯ ᠤ᠋ᠨ ᠤᠳᠬ᠎ᠠ ᠤᠷᠠᠯᠢᠭ ᠤ᠋ᠨ ᠦᠷ᠎ᠠ ᠪᠦᠳᠦᠭᠡᠯ ᠢ᠋ ᠦᠵᠡᠬᠦᠯᠵᠦ ᠪᠠᠢᠨ᠎ᠠ ᠃

《ᠰᠠᠶᠢᠬᠠᠨ ᠦᠨᠳᠦᠷᠯᠡᠭᠰᠡᠨ ᠶᠢᠰᠦᠳᠦᠭᠡᠷ ᠬᠤᠭᠤᠴᠠᠭᠠᠨ ᠤ᠋ ᠦᠪᠡᠷᠳᠡᠭᠡᠨ ᠵᠠᠰᠠᠬᠤ ᠤᠷᠤᠨ ᠤ᠋ ᠤᠯᠠᠭᠠᠨᠮᠦ᠋ᠴᠢᠷ ᠤ᠋ᠨ ᠤᠷᠠᠯᠢᠭ ᠤ᠋ᠨ ᠨᠠᠢᠷ ᠲᠦ᠍ ᠠᠯᠳᠠᠨ ᠱᠠᠩᠨᠠᠯ ᠲᠤᠰᠤᠭᠰᠠᠨ ᠪᠢᠳᠡ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠠᠩᠬ᠎ᠠ ᠤᠳᠠᠭ᠎ᠠ ᠲᠤᠰᠬᠠᠢ ᠳᠠᠯᠠᠪᠠᠢ ᠦᠳᠡᠰᠢᠯᠡᠬᠡ ᠭᠠᠷᠭᠠᠵᠦ ᠪᠠᠢᠭ᠎ᠠ ᠳ᠋ᠠᠭᠠᠨ ᠶᠡᠬᠡ ᠪᠠᠶᠠᠷᠯᠠᠵᠦ ᠪᠠᠢᠨ᠎ᠠ!》 ᠬᠡᠵᠤ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠳᠠᠷᠤᠭ᠎ᠠ ᠳᠠᠯᠠᠨᠳᠠᠢ ᠤᠷᠮᠠᠳᠠᠢ ᠶᠠᠷᠢᠨ᠎ᠠ ᠃ ᠲᠡᠷᠡ ᠄《ᠮᠠᠨ ᠤ᠋ ᠤᠯᠠᠭᠠᠨᠮᠦ᠋ᠴᠢᠷ ᠤ᠋ᠨ ᠬᠢᠨ ᠡᠨᠡ ᠤᠳᠠᠭ᠎ᠠ ᠵᠢᠨ ᠲᠤᠭᠯᠠᠯᠳᠠ ᠳ᠋ᠠᠭᠠᠨ ᠲᠤᠮᠳᠠᠳᠦ ᠵᠢᠨ ᠦᠨᠳᠦᠰᠦᠳᠡᠨ ᠤ᠋ ᠬᠠᠮᠳᠦ ᠵᠢᠨ ᠴᠤᠭᠴᠠ ᠵᠢᠨ ᠤᠬᠠᠮᠰᠠᠷ ᠲᠦ᠍ ᠴᠤᠭᠴᠠᠯᠠᠬᠤ ᠪᠤᠯᠤᠨ〈ᠬᠤᠶᠠᠷ ᠢ᠋ ᠴᠤᠭᠴᠠᠯᠠᠬᠤ〉 ᠪᠡᠷ ᠭᠤᠤᠯ ᠰᠡᠳᠦᠪ ᠪᠤᠯᠭᠠᠵᠤ᠂ ᠤᠷᠤᠨ ᠨᠤᠲᠤᠭ ᠤ᠋ᠨ ᠰᠤᠶᠤᠯ ᠤᠷᠠᠯᠢᠭ ᠤ᠋ᠨ ᠤᠨᠴᠠᠯᠢᠭ ᠵᠢᠡᠨ ᠲᠤᠪᠤᠢᠯᠭᠠᠨ᠂ ᠨᠠᠮ ᠠᠷᠠᠳ ᠲᠦᠮᠡᠨ ᠵᠢᠡᠨ ᠮᠠᠭᠳᠠᠭᠰᠠᠨ᠂ ᠨᠤᠲᠤᠭ ᠤᠰᠤ ᠪᠠᠨ ᠳᠠᠭᠤᠯᠠᠭᠰᠠᠨ᠂ ᠰᠠᠨᠰᠠᠷ ᠤ᠋ᠨ ᠬᠤᠳᠠ ᠵᠢᠨ ᠵᠤᠷᠢᠭ ᠰᠠᠨᠠᠭ᠎ᠠ ᠵᠢ ᠢᠯᠡᠷᠡᠬᠦᠯᠦᠭᠰᠡᠨ ᠳᠠᠭᠤᠤ᠂ ᠬᠦᠭᠵᠢᠮ᠂ ᠪᠦᠵᠢᠭ ᠪᠠ ᠬᠤᠱᠤᠩ ᠵᠦᠴᠦᠭᠡ ᠵᠢ ᠴᠦᠮ ᠦᠪᠡᠷᠰᠡᠳ ᠵᠢᠡᠨ ᠵᠤᠬᠢᠶᠠᠨ ᠪᠦᠳᠦᠭᠡᠵᠦ ᠲᠤᠭᠯᠠᠭᠰᠠᠨ ᠶᠤᠮ》 ᠭᠡᠵᠦ ᠳᠠᠨᠢᠯᠴᠠᠭᠤᠯᠤᠯ᠎ᠠ᠃

ᠪᠦᠬᠦ ᠳᠠᠯᠠᠪᠠᠢ ᠦᠳᠡᠰᠢᠯᠡᠬᠡ ᠨᠢ ᠬᠤᠤᠰᠯᠠᠯ ᠳᠠᠭᠤᠤ 《ᠠᠴᠢᠳᠦ ᠨᠠᠮ ᠵᠢᠡᠨ ᠮᠠᠭᠳᠠᠨ ᠳᠠᠭᠤᠯᠠᠶ᠎ᠠ》᠂ ᠬᠠᠮᠳᠦ ᠵᠢᠨ ᠪᠦᠵᠢᠭ 《ᠪᠠᠶᠠᠰᠬᠤᠯᠠᠩᠳᠦ ᠰᠠᠪᠠᠷᠳᠠᠩ》᠂ ᠡᠮᠡᠭᠳᠡᠢ ᠵᠢᠨ ᠭᠤᠴᠤᠯᠠᠯ ᠳᠠᠭᠤᠤ 《ᠬᠦᠰᠡᠯ ᠤ᠋ᠨ ᠰᠠᠢᠬᠠᠨ ᠠᠯᠠᠱᠠ》᠂ ᠨᠠᠢᠷᠠᠯ ᠬᠦᠭᠵᠢᠮ 《ᠬᠠᠮᠳᠦ ᠳ᠋ᠠᠭᠠᠨ》᠂ ᠱᠤᠭ ᠵᠦᠴᠦᠭᠡ 《ᠬᠠᠮᠳᠦ ᠳ᠋ᠠᠭᠠᠨ ᠲᠤᠭᠤᠯᠤᠶ᠎ᠠ》᠂ ᠨᠠᠢᠷᠠᠯ ᠳᠠᠭᠤᠤ 《ᠤᠯᠠᠭᠠᠨᠮᠦ᠋ᠴᠢᠷ ᠵᠢᠡᠨ ᠮᠠᠭᠳᠠᠨ ᠳᠠᠭᠤᠯᠠᠶ᠎ᠠ》 ᠭᠡᠬᠦ ᠮᠡᠳᠤ ᠵᠢᠨ ᠪᠠᠶᠠᠯᠢᠭ ᠠᠭᠤᠯᠭ᠎ᠠ ᠳᠠᠢ 14 ᠲᠤᠭᠯᠠᠯᠳᠠ ᠪᠡᠷ ᠶᠠᠪᠤᠭᠳᠠᠵᠤ᠂ ᠦᠵᠡᠭᠴᠢ ᠤᠯᠠᠨ ᠳ᠋ᠤ ᠰᠤᠶᠤᠯ ᠤᠷᠠᠯᠢᠭ ᠤ᠋ᠨ ᠳᠠᠩᠰᠤᠭ ᠬᠦᠷᠳᠡᠭᠡᠯ ᠪᠤᠯᠵᠠᠢ ᠃

ᠤᠯᠠᠭᠠᠨᠮᠦ᠋ᠴᠢᠷ ᠤ᠋ᠨ ᠳᠠᠷᠤᠭ᠎ᠠ ᠳᠠᠯᠠᠨᠳᠠᠢ ᠲᠦᠷᠦᠬᠦᠯᠡᠨ ᠱᠤᠭ ᠵᠦᠴᠦᠭᠡ ᠲᠤᠭᠯᠠᠵᠦ᠂ ᠳᠡᠳ᠋ ᠳᠠᠷᠤᠭ᠎ᠠ ᠪᠠᠶᠠᠨᠨᠠᠮᠤᠷ ᠳᠠᠭᠤᠤ ᠳᠠᠭᠤᠯᠠᠵᠦ ᠂ ᠳᠡᠳ᠋ ᠳᠠᠷᠤᠭ᠎ᠠ ᠤᠯᠠᠭᠠᠨ ᠦᠳᠡᠰᠢᠯᠡᠬᠡ ᠵᠢ ᠬᠦᠳᠦᠯᠬᠦ ᠵᠢᠨ ᠭᠠᠳᠠᠨ᠎ᠠ ᠪᠠᠰᠠ ᠲᠠᠭᠤᠤ ᠲᠠᠭᠤᠯᠠᠵᠤ᠂ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠪᠤᠯ ᠨᠡᠬᠡᠷᠡᠨ 《ᠨᠢᠭᠡ ᠳ᠋ᠤ ᠮᠡᠷᠭᠡᠰᠢᠵᠦ ᠤᠯᠠᠨ ᠳ᠋ᠤ ᠴᠠᠭᠠᠷᠠᠭᠰᠠᠨ》 ᠬᠠᠮᠳᠦ ᠪᠤᠯᠬᠤ ᠵᠢ ᠲᠠᠬᠢᠨᠳᠠ ᠬᠡᠷᠡᠴᠢᠯᠡᠯ᠎ᠠ᠃ 《ᠲᠤᠭᠯᠠᠯᠳᠠ ᠵᠢ ᠰᠤᠨᠢᠷᠬᠠᠬᠤ ᠪᠡᠷ ᠢᠷᠡᠭᠰᠡᠨ ᠪᠦᠬᠦ ᠦᠵᠡᠭᠴᠢᠳ ᠲᠡᠭᠡᠨ ᠠᠵᠠ ᠵᠢᠷᠭᠠᠯ ᠰᠠᠢᠨ ᠰᠠᠢᠬᠠᠨ ᠢ᠋ ᠬᠦᠰᠡᠵᠤ ᠪᠠᠢᠨ᠎ᠠ᠃ ᠦᠳᠡᠰᠢᠯᠡᠬᠡ ᠳ᠋ᠤ ᠪᠢ ᠡᠵᠡᠨ᠎ᠡ ᠨᠤᠲᠤᠭ ᠵᠢᠡᠨ ᠮᠠᠭᠳᠠᠭᠰᠠᠨ ᠭᠤᠴᠤᠯᠠᠯ ᠳᠠᠭᠤᠤ᠂ ᠠᠴᠢᠳᠦ ᠨᠠᠮ ᠵᠢᠡᠨ ᠮᠠᠭᠳᠠᠨ ᠳᠠᠭᠤᠯᠠᠭᠰᠠᠨ ᠬᠤᠤᠰᠯᠠᠯ ᠳᠠᠭᠤᠤ᠂ ᠤᠯᠠᠭᠠᠨᠮᠦ᠋ᠴᠢᠷ ᠵᠢᠡᠨ ᠮᠠᠭᠳᠠᠭᠰᠠᠨ ᠲᠦᠷᠪᠡᠯᠡᠯ ᠳᠠᠭᠤᠤ ᠳᠠᠭᠤᠯᠠᠯ᠎ᠠ᠃ ᠮᠠᠨ ᠤ᠋ ᠤᠯᠠᠭᠠᠨᠮᠦ᠋ᠴᠢᠷ ᠤ᠋ᠨ ᠬᠢᠨ ᠡᠨᠡ ᠤᠳᠠᠭ᠎ᠠ ᠵᠢᠨ ᠲᠤᠭᠯᠠᠯᠳᠠ ᠳ᠋ᠤ ᠦᠪᠡᠷ ᠤ᠋ᠨ ᠡᠯᠧᠺᠲ᠋ᠷᠤᠨ ᠬᠦᠭᠵᠢᠮ ᠤ᠋ᠨ ᠬᠠᠮᠳᠤᠯᠢᠭ ᠵᠢᠡᠨ ᠠᠪᠴᠢᠷᠠᠭᠰᠠᠨ ᠂ ᠬᠠᠮᠳᠤᠯᠢᠭ ᠤ᠋ᠨ ᠬᠡᠰᠢᠬᠦᠳ ᠤ᠋ᠨ ᠮᠡᠷᠭᠡᠵᠢᠯ ᠤ᠋ᠨ ᠲᠦᠪᠰᠢᠨ ᠪᠦᠷ ᠮᠠᠰᠢ ᠦᠨᠳᠦᠷ ᠪᠠᠢᠭ᠎ᠠ ᠶᠤᠮ》 ᠬᠡᠵᠤ ᠪᠠᠶᠠᠨᠨᠠᠮᠤᠷ ᠶᠠᠷᠢᠨ᠎ᠠ᠃

ᠦᠳᠡᠰᠢᠯᠡᠭᠡ ᠨᠢ ᠳᠠᠭᠤᠤ ᠪᠦᠵᠢᠭ 《ᠡᠬᠦᠷᠢᠳᠡ ᠨᠠᠮ ᠵᠢᠡᠨ ᠳᠠᠭᠠᠨ᠎ᠠ》 ᠭᠡᠬᠦ ᠲᠤᠭᠯᠠᠯᠳᠠ ᠪᠡᠷ ᠦᠨᠳᠦᠷᠯᠡᠵᠦ᠂ ᠠᠭᠤᠤ ᠨᠠᠮ ᠤ᠋ᠨ ᠠᠴᠢ ᠭᠠᠪᠢᠶ᠎ᠠ ᠵᠢ ᠮᠠᠭᠳᠠᠨ ᠡᠬᠡ ᠤᠯᠤᠰ ᠵᠢᠡᠨ ᠡᠬᠦᠷᠢᠳᠡ ᠬᠠᠢᠷᠠᠯᠠᠵᠦ ᠶᠠᠪᠤᠳᠠᠭ ᠡᠵᠡᠨ᠎ᠡ ᠬᠤᠰᠢᠭᠤᠨ ᠤ᠋ ᠠᠷᠠᠳ ᠲᠦᠮᠡᠨ᠂ ᠲᠡᠷᠡᠴᠢᠯᠡᠨ ᠪᠦᠬᠦ ᠦᠪᠦᠷ ᠮᠤᠨᠭᠭᠤᠯ ᠤ᠋ᠨ ᠠᠷᠠᠳ ᠲᠦᠮᠡᠨ ᠤ᠋ ᠨᠠᠮ ᠤ᠋ᠨ ᠵᠢᠡᠨ ᠤᠳᠤᠷᠢᠳᠤᠯᠭ᠎ᠠ᠎ᠵᠢ ᠳᠠᠭᠠᠨ ᠰᠡᠳᠬᠢᠯ ᠨᠢᠭᠡᠳᠦᠨ ᠬᠦᠴᠦ ᠪᠠᠨ ᠬᠠᠮᠳᠤᠳᠬᠠᠵᠦ᠂ ᠲᠤᠮᠳᠠᠳᠦ ᠵᠢᠨ ᠵᠡᠬᠦᠳᠦ ᠵᠢ ᠲᠡᠷᠭᠡᠯᠰᠢᠬᠦᠯᠬᠦ ᠵᠢᠨ ᠲᠦᠯᠦᠬᠡ ᠬᠦᠴᠦᠯᠡᠨ ᠲᠡᠮᠡᠴᠡᠵᠦ ᠪᠠᠢᠭ᠎ᠠ ᠤᠶᠤᠨ ᠰᠠᠨᠠᠭᠠᠨ ᠤ᠋ ᠲᠦᠷᠰᠦ ᠪᠠᠢᠳᠠᠯ ᠢ᠋ ᠬᠠᠷᠠᠭᠤᠯᠵᠠᠢ ᠃

ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠤ᠋ᠨ ᠤᠯᠠᠭᠠᠨᠮᠦ᠋ᠴᠢᠷ ᠤ᠋ᠨ ᠰᠢᠯᠢᠳᠡᠭ ᠲᠤᠭᠯᠠᠯᠳᠠ ᠵᠢᠨ ᠦᠵᠡᠬᠦᠯᠭᠡ ᠳ᠋ᠤ ᠡᠵᠡᠨ᠎ᠡ ᠬᠤᠰᠢᠭᠤᠨ ᠤ᠋ ᠤᠯᠠᠭᠠᠨᠮᠦ᠋ᠴᠢᠷ᠂ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠤ᠋ ᠤᠯᠠᠭᠠᠨᠮᠦ᠋ᠴᠢᠷ ᠂ ᠪᠠᠷᠠᠭᠤᠨ ᠦᠵᠦᠮᠦᠴᠢᠨ ᠬᠤᠰᠢᠭᠤᠨ ᠤ᠋ ᠤᠯᠠᠭᠠᠨᠮᠦ᠋ᠴᠢᠷ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠤᠯᠠᠭᠠᠨᠮᠦ᠋ᠴᠢᠷ᠂ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ᠋ ᠤᠯᠠᠭᠠᠨᠮᠦ᠋ᠴᠢᠷ᠂ ᠦᠥᠰᠢᠨ ᠬᠤᠰᠢᠭᠤᠨ ᠤ᠋ ᠤᠯᠠᠭᠠᠨᠮᠦ᠋ᠴᠢᠷ᠂ ᠤᠳᠤᠭ ᠬᠤᠰᠢᠭᠤᠨ ᠤ᠋ ᠤᠯᠠᠭᠠᠨᠮᠦ᠋ᠴᠢᠷ᠂ ᠮᠤᠷᠢᠨᠳᠠᠪᠠᠭ᠎ᠠ ᠵᠢᠨ ᠳᠠᠭᠤᠷ ᠦᠨᠳᠦᠰᠦᠳᠡᠨ ᠤ᠋ ᠦᠪᠡᠷᠳᠡᠭᠡᠨ ᠵᠠᠰᠠᠬᠤ ᠬᠤᠰᠢᠭᠤᠨ ᠤ᠋ ᠤᠯᠠᠭᠠᠨᠮᠦ᠋ᠴᠢᠷ ᠵᠡᠷᠭᠡ 8 ᠤᠯᠠᠭᠠᠨᠮᠦ᠋ᠴᠢᠷ ᠤ᠋ᠨ ᠬᠢᠨ ᠨᠡᠢᠳᠡ 15 ᠳᠠᠯᠠᠪᠠᠢ ᠲᠤᠭᠯᠠᠯᠳᠠ ᠭᠠᠷᠭᠠᠬᠤ ᠪᠤᠯᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面