2022-08-30 10:06:10
ᠴᠤᠩᠬᠤᠨ ᠴᠠᠭᠠᠨ᠎ᠠ ᠡᠴᠡ ᠰᠤᠨᠤᠰᠳᠠᠬᠤ ᠪᠤᠷᠤᠭᠠᠨ ᠤ᠋ ᠴᠢᠮᠡᠭᠡᠨ ᠳ᠋ᠤ ᠨᠢᠭᠡᠨ ᠵᠠᠯᠠᠭᠤ ᠬᠦᠨ ᠪᠤᠳᠤᠯᠭᠠᠰᠢᠷᠠᠨ ᠰᠠᠭᠤᠨ᠎ᠠ᠃《ᠪᠤᠷᠤᠭᠠᠨ ᠲᠤᠮᠳᠠᠬᠢ ᠬᠦᠰᠡᠯ — ᠪᠦᠮᠪᠦᠬᠡᠨ ᠮᠡᠷᠭᠡᠵᠢᠯ》 ᠨᠢ ᠡᠢᠨ ᠬᠦ᠌ ᠼᠢᠷᠺ ᠵᠦᠴᠦᠭᠡ《ᠵᠠᠯᠠᠭᠤ ᠨᠠᠰᠤ ing》 ᠵᠢᠨ ᠬᠦᠰᠢᠭᠡ ᠵᠢ ᠰᠡᠬᠦᠵᠤ ᠂ ᠵᠠᠯᠠᠭᠤ ᠨᠢᠭᠡᠨ ᠦᠶ᠎ᠡ ᠵᠢᠨ ᠬᠦᠮᠦᠰ ᠤ᠋ᠨ ᠪᠤᠳᠤᠯ ᠰᠡᠳᠬᠢᠯ ᠂ ᠬᠦᠰᠡᠯ ᠵᠤᠷᠢᠯᠳᠠ ᠵᠢ ᠼᠢᠷᠺ ᠤ᠋ᠨ ᠤᠷ᠎ᠠ ᠮᠡᠷᠭᠡᠵᠢᠯ ᠪᠤᠯᠤᠨ ᠳᠠᠭᠤᠤ ᠬᠦᠭᠵᠢᠮ᠂ ᠪᠦᠵᠢᠭ ᠂ ᠳᠠᠢᠰᠠᠨ ᠤ᠋ ᠤᠷᠠᠯᠢᠭ ᠵᠢᠡᠷ ᠬᠦᠮᠦᠰ ᠢ᠋ ᠭᠠᠢᠬᠠᠳᠠᠯᠠ ᠢᠯᠡᠷᠡᠬᠦᠯᠦᠭᠰᠡᠨ ᠪᠠᠢᠨ᠎ᠠ ᠃
ᠲᠤᠮᠳᠠᠳᠦ ᠤᠯᠤᠰ ᠤ᠋ᠨ ᠼᠢᠷᠺ ᠤ᠋ᠨ ᠪᠦᠯᠬᠦᠮ ᠤ᠋ᠨ ᠵᠠᠯᠠᠭᠤ ᠼᠢᠷᠺᠴᠢᠨ ᠼᠤᠤ ᠺᠠᠢ᠄ 《ᠮᠢᠨᠤ ᠲᠤᠭᠯᠠᠭᠰᠠᠨ 〈ᠪᠤᠷᠤᠭᠠᠨ ᠲᠤᠮᠳᠠᠬᠢ ᠬᠦᠰᠡᠯ — ᠪᠦᠮᠪᠦᠬᠡᠨ ᠮᠡᠷᠭᠡᠵᠢᠯ〉 ᠲᠤᠭᠯᠠᠯᠳᠠ ᠳ᠋ᠤ ᠦᠨᠡᠨᠳᠡᠬᠡᠨ ᠵᠠᠯᠠᠭᠤ ᠨᠢᠭᠡᠨ ᠦᠶ᠎ᠡ ᠵᠢᠨ ᠬᠦᠮᠦᠰ ᠰᠤᠯᠠ ᠰᠡᠯᠡᠬᠦᠦ ᠴᠠᠭ ᠵᠢᠡᠷ ᠵᠢᠡᠨ ᠰᠡᠳᠬᠢᠨ ᠪᠤᠳᠤᠯᠭᠠᠰᠢᠷᠠᠵᠦ᠂ ᠶᠠᠭᠤ ᠨᠢᠭᠡ ᠵᠢ ᠬᠦᠰᠡᠵᠦ ᠰᠠᠭᠤᠳᠠᠭ ᠪᠠᠢᠳᠠᠯ ᠢ᠋ ᠬᠠᠷᠠᠭᠤᠯᠵᠠᠢ ᠃ ᠪᠤᠷᠤᠭᠠᠨ ᠵᠤᠭᠰᠤᠭᠰᠠᠨ ᠤ᠋ ᠳᠠᠷᠠᠭ᠎ᠠ ᠪᠤᠷᠤᠭᠠᠨ ᠤ᠋ ᠰᠢᠬᠦᠷ ᠵᠢᠡᠨ ᠰᠢᠳᠡᠵᠦ ᠤᠷᠬᠢᠬᠤ ᠳ᠋ᠤ ᠰᠢᠬᠦᠷ ᠡᠷᠬᠢᠨ ᠡᠷᠬᠢᠯᠳᠦᠭᠰᠡᠭᠡᠷ ᠳᠠᠬᠢᠨ ᠭᠠᠷ ᠲᠦ᠍ ᠤᠷᠤᠵᠦ ᠢᠷᠡᠨ᠎ᠠ᠂ ᠢᠩᠬᠢᠵᠤ ᠭᠠᠷ ᠲᠡᠬᠢ ᠪᠤᠳᠠᠰ ᠵᠢᠡᠨ ᠦᠪᠡᠷ ᠵᠢᠡᠨ ᠡᠵᠡᠮᠳᠡᠵᠦ ᠪᠠᠢᠨ᠎ᠠ ᠂ ᠡᠨᠡ ᠪᠤᠯ ᠵᠠᠯᠠᠭᠤ ᠬᠦᠮᠦᠨ ᠤ᠋ ᠬᠦᠰᠡᠯ ᠬᠦᠭᠡᠭᠡᠴᠡᠯᠳᠦᠯ᠃ ᠵᠠᠯᠭᠠᠭᠠᠳ ᠮᠢᠨᠤ ᠲᠤᠭᠯᠠᠬᠤ ᠪᠦᠮᠪᠦᠬᠡ ᠪᠤᠯ ᠵᠠᠯᠠᠭᠤ ᠬᠦᠮᠦᠨ ᠤ᠋ ᠳᠤᠳᠤᠭᠠᠳᠦ ᠰᠡᠳᠬᠢᠯ ᠤ᠋ᠨ ᠢᠯᠡᠷᠡᠯ ᠂ ᠶᠢᠷᠲᠢᠨᠴᠦ ᠵᠢᠨ ᠲᠤᠬᠠᠢ ᠡᠷᠡᠮᠡᠯᠵᠡᠯ ᠪᠠ ᠰᠡᠳᠬᠢᠯ ᠤ᠋ᠨ ᠬᠦᠴᠦᠨ ᠢ᠋ ᠢᠯᠡᠳᠬᠡᠵᠦ ᠪᠠᠢᠭ᠎ᠠ ᠶᠤᠮ》ᠭᠡᠵᠦ ᠳᠠᠢᠯᠪᠤᠷᠢᠯᠠᠵᠦ ᠵᠢ ᠰᠤᠨᠤᠰᠤᠭᠠᠳ ᠰᠢᠨ᠎ᠠ ᠴᠠᠭ ᠦᠶ᠎ᠠ ᠵᠢᠨ ᠼᠢᠷᠺ ᠤᠷᠠᠯᠢᠭ ᠤ᠋ᠨ ᠭᠠᠢᠬᠠᠮᠰᠢᠭ ᠢ᠋ ᠦᠪᠡᠷ ᠤ᠋ᠨ ᠡᠷᠬᠡ ᠦᠬᠡᠢ ᠪᠠᠬᠠᠳᠤᠨ ᠪᠢᠰᠢᠷᠡᠵᠦ ᠪᠢᠯᠡ ᠃
8 ᠰᠠᠷ᠎ᠠ ᠵᠢᠨ 29 ᠤ᠋ ᠤᠷᠤᠢ ᠂ ᠲᠤᠮᠳᠠᠳᠦ ᠤᠯᠤᠰ ᠤ᠋ᠨ ᠼᠢᠷᠺ ᠤ᠋ᠨ ᠪᠦᠯᠬᠦᠮ ᠡᠴᠡ ᠲᠤᠭᠯᠠᠭᠰᠠᠨ ᠼᠢᠷᠺ ᠵᠦᠴᠦᠭᠡ《ᠵᠠᠯᠠᠭᠤ ᠨᠠᠰᠤ ing》ᠦᠪᠦᠷ ᠮᠤᠨᠭᠭᠤᠯ ᠤ᠋ᠨ ᠤᠯᠠᠭᠠᠨ ᠲᠢᠶᠠᠲ᠋ᠷ ᠲᠦ᠍ ᠨᠢᠵᠢᠬᠢᠷ ᠰᠠᠢᠬᠠᠨ ᠶᠠᠪᠤᠭᠳᠠᠵᠦ ᠂ ᠦᠵᠡᠭᠴᠢ ᠲᠦᠮᠡᠨ ᠤ᠋ ᠨᠢᠳᠦ ᠵᠢ ᠬᠤᠵᠢᠷᠯᠠᠯᠠ ᠃ ᠡᠨᠡ ᠪᠤᠯ ᠠᠷᠪᠠ ᠶᠢᠰᠦᠲᠦᠭᠡᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠨᠴᠠ ᠤᠷᠢᠭᠰᠠᠨ ᠪᠦᠳᠦᠬᠡᠯ ᠤ᠋ᠨ ᠦᠵᠡᠬᠦᠯᠬᠡ ᠵᠢᠨ ᠲᠤᠭᠯᠠᠯᠳᠠ ᠵᠢᠨ ᠨᠢᠬᠡ ᠪᠤᠯᠤᠨ᠎ᠠ ᠃ ᠦᠶ᠎ᠡ ᠦᠶ᠎ᠡ ᠨᠢᠵᠢᠬᠢᠨᠡᠬᠦ ᠠᠯᠠᠭ᠎ᠠ ᠳᠠᠰᠢᠯᠳᠠ ᠵᠢᠨ ᠲᠤᠮᠳᠠ ᠼᠢᠷᠺ ᠤ᠋ᠨ ᠲᠤᠭᠯᠠᠯᠳᠠ ᠦᠷᠬᠦᠯᠵᠢᠯᠡᠵᠦ ᠂ ᠵᠦᠮᠦᠯᠠᠩᠮᠠ ᠤᠷᠬᠢᠯ ᠳ᠋ᠤ ᠭᠠᠷᠤᠭᠰᠠᠳ ᠤ᠋ᠨ ᠵᠤᠷᠢᠭ ᠰᠠᠨᠠᠭ᠎ᠠ ᠵᠢ ᠬᠠᠷᠠᠭᠤᠯᠬᠤ ᠵᠢᠨ ᠤᠯᠠᠮ ᠵᠢᠡᠷ ᠬᠦᠨᠳᠦᠳᠬᠡᠯ ᠳᠡᠪᠰᠢᠬᠦᠯᠦᠭᠰᠡᠨ《ᠤᠷᠬᠢᠯ ᠳ᠋ᠤ ᠭᠠᠷᠤᠭᠰᠠᠳ — ᠲᠠᠶᠠᠭ》 ᠭᠡᠬᠦ ᠲᠤᠭᠯᠠᠯᠳᠠ ᠶᠠᠪᠤᠭᠳᠠᠵᠦ ᠂ ᠡᠷᠡᠰ ᠬᠠᠳᠠᠠ ᠵᠤᠷᠢᠭ ᠰᠠᠨᠠᠭ᠎ᠠ ᠪᠤᠯᠤᠨ ᠪᠦᠯᠬᠦᠮᠳᠡᠨ ᠲᠡᠮᠡᠴᠡᠬᠦ ᠬᠦᠴᠦᠨ ᠴᠢᠳᠠᠯ ᠢ᠋ ᠦᠵᠡᠬᠦᠯᠦᠭᠰᠡᠨ ᠪᠠᠢᠨ᠎ᠠ ᠃
ᠼᠢᠷᠺ ᠵᠦᠴᠦᠭᠡ《ᠵᠠᠯᠠᠭᠤ ᠨᠠᠰᠤ ing》ᠨᠢ ᠣᠳᠣᠬᠢᠴᠢᠯᠠᠭ᠍ᠰᠠᠨ ᠮᠡᠷᠭᠡᠵᠢᠯ ᠤ᠋ᠨ ᠠᠷᠭ᠎ᠠ ᠪᠠᠷᠢᠯ ᠂ ᠼᠢᠷᠺ ᠂ ᠪᠦᠵᠢᠭ ᠂ ᠳᠠᠭᠤᠤ ᠬᠦᠭᠵᠢᠮ ᠪᠠ ᠤᠷᠠᠨ ᠵᠢᠷᠤᠭ ᠵᠡᠷᠭᠡ ᠤᠯᠠᠨ ᠤᠷᠠᠯᠢᠭ ᠤ᠋ᠨ ᠬᠡᠯᠪᠡᠷᠢ ᠵᠢ ᠤᠶᠠᠯᠳᠤᠭᠤᠯᠤᠭᠰᠠᠨ 10 ᠰᠢᠯᠢᠳᠡᠭ ᠲᠣᠭ᠍ᠯᠠᠯᠲᠠ ᠪᠠᠷ ᠦᠵᠡᠭ᠌ᠴᠢᠳ ᠲᠦ᠍ ᠼᠢᠷᠺ ᠤᠷᠠᠯᠢᠭ ᠤ᠋ᠨ ᠷᠢᠳᠢ ᠱᠢᠳᠢ ᠶ᠋ᠢ ᠭᠠᠢᠬᠠᠭᠤᠯᠵᠠᠢ᠃ ᠡᠨᠡ ᠬᠦ᠌ 10 ᠲᠤᠭᠯᠠᠯᠳᠠ ᠪᠤᠯ ᠲᠤᠮᠳᠠᠳᠦ ᠤᠯᠤᠰ ᠤ᠋ᠨ ᠼᠢᠷᠺ ᠤ᠋ᠨ ᠪᠦᠯᠬᠦᠮ ᠤ᠋ᠨ ᠵᠤᠬᠢᠶᠠᠨ ᠪᠦᠳᠦᠭᠡᠭᠰᠡᠨ ᠵᠠᠯᠠᠭᠤ ᠬᠦᠮᠦᠨ ᠤ᠋ ᠴᠤᠭ ᠵᠤᠯᠢ ᠪᠠ ᠡᠷᠴᠢ ᠬᠦᠴᠦ ᠵᠢ ᠬᠠᠷᠠᠭᠤᠯᠤᠭᠰᠠᠨ᠂ ᠭᠠᠯ ᠤᠨᠳᠠᠷᠠᠭᠠᠬᠤ ᠠᠩᠬᠢ ᠵᠢᠨ ᠴᠡᠷᠢᠭ ᠪᠠᠢᠯᠳᠤᠭᠴᠢᠳ ᠲᠦ᠍ ᠬᠦᠨᠳᠦᠳᠭᠡᠯ ᠳᠡᠪᠰᠢᠬᠦᠯᠦᠭᠰᠡᠨ᠂ ᠬᠠᠢᠷ᠎ᠠ ᠲᠤᠷᠠᠯᠠᠯ ᠢ᠋ ᠢᠯᠡᠳᠬᠡᠭᠰᠡᠨ ᠮᠡᠳᠤ ᠵᠢᠨ ᠠᠭᠤᠯᠭ᠎ᠠ ᠪᠦᠬᠦᠢ ᠰᠤᠩᠭᠤᠳᠠᠭ ᠪᠦᠳᠦᠭᠡᠯ ᠤ᠋ᠳ ᠪᠤᠯᠤᠨ᠎ᠠ᠃ ᠳᠤᠮᠳᠠᠳᠤ ᠤᠯᠤᠰ ᠤ᠋ᠨ ᠼᠢᠷᠺ ᠤ᠋ᠨ ᠪᠦᠯᠬᠦᠮ ᠤ᠋ᠨ ᠲᠤᠭᠯᠠᠭᠴᠢ ᠵᠢᠨ ᠬᠠᠷᠢᠭᠤᠴᠠᠯᠭᠠᠳᠠᠨ ᠯᠢ ᠰᠢᠶᠤᠤ ᠴᠢᠶᠠᠩ ᠄《ᠤᠯᠠᠨ ᠵᠢᠯ ᠤ᠋ᠨ ᠲᠤᠷᠰᠢ ᠂ ᠮᠠᠨ ᠤ᠋ ᠪᠦᠯᠬᠦᠮ ᠤ᠋ᠨ ᠰᠤᠩᠭᠤᠳᠠᠭ ᠲᠤᠭᠯᠠᠯᠳᠠ ᠵᠢᠨ ᠲᠤᠭᠯᠠᠭᠴᠢ ᠨᠠᠷ ᠬᠡᠳᠤᠢᠪᠡᠷ ᠰᠤᠯᠢᠭᠳᠠᠭᠰᠠᠨ ᠴᠦ᠍ ᠠᠭᠤᠯᠭ᠎ᠠ᠂ ᠤᠷ᠎ᠠ ᠮᠡᠷᠭᠡᠵᠢᠯ ᠪᠠ ᠤᠷᠠᠯᠢᠭ ᠤ᠋ᠨ ᠬᠡᠯᠪᠡᠷᠢ ᠨᠢ ᠬᠤᠪᠢᠷᠠᠭᠰᠠᠨ ᠦᠬᠡᠢ ᠃ ᠲᠤᠰ ᠤᠳᠠᠭ᠎ᠠ ᠵᠢᠨ ᠲᠤᠭᠯᠠᠭᠰᠠᠨ 10 ᠲᠤᠭᠯᠠᠯᠳᠠ ᠪᠤᠯ ᠤᠯᠤᠰ ᠤ᠋ᠨ ᠳᠤᠳᠤᠭᠠᠳᠦ ᠭᠠᠳᠠᠭᠠᠳᠦ ᠵᠢᠨ ᠤᠷᠤᠯᠳᠤᠭᠠᠨ ᠳ᠋ᠤ ᠤᠯᠠᠨ ᠤᠳᠠᠭ᠎ᠠ ᠱᠠᠩᠨᠠᠯ ᠳᠤᠰᠤᠭᠰᠠᠨ ᠲᠤᠭᠯᠠᠯᠳᠠ ᠨᠤᠭᠤᠳ ᠪᠠᠢᠭ᠎ᠠ ᠶᠤᠮ》 ᠭᠡᠵᠦ ᠳᠠᠨᠢᠯᠴᠠᠭᠤᠯᠤᠯ᠎ᠠ ᠃
《ᠡᠮᠡᠭᠳᠡᠢ ᠬᠤᠳᠤᠭᠤᠴᠢᠨ — ᠳᠠᠮᠠᠷᠤ ᠲᠤᠭᠯᠠᠭᠠᠮ》ᠲᠤᠭᠯᠠᠯᠳᠠ ᠨᠢ ᠦᠳᠡᠰᠢᠯᠡᠬᠡ ᠵᠢ ᠤᠷᠬᠢᠯ ᠳ᠋ᠤ ᠬᠦᠷᠭᠡᠵᠦ᠂ ᠦᠳᠡᠰᠢᠯᠡᠬᠡ ᠳᠡᠬᠦᠰ ᠠᠮᠵᠢᠯᠳᠠ ᠲᠠᠢ ᠦᠨᠳᠤᠷᠯᠡᠪᠡ᠃ ᠯᠢ ᠰᠢᠶᠤᠤ ᠴᠢᠶᠠᠩ ᠤ᠋ᠨ ᠬᠡᠯᠡᠬᠦ ᠪᠡᠷ ᠂ 《ᠡᠮᠡᠭᠳᠡᠢ ᠬᠤᠳᠤᠭᠤᠴᠢᠨ — ᠳᠠᠮᠠᠷᠤ ᠲᠤᠭᠯᠠᠭᠠᠮ》 ᠪᠣᠯ ᠳᠤᠮᠳᠠᠳᠤ ᠤᠯᠤᠰ ᠤ᠋ᠨ ᠼᠢᠷᠺ ᠤ᠋ᠨ ᠪᠦᠯᠬᠦᠮ ᠤ᠋ᠨ ᠨᠡᠷ᠎ᠡ ᠵᠢᠨ ᠬᠠᠭᠤᠳᠠᠰᠤ ᠪᠠᠢᠵᠦ ᠂ ᠤᠯᠤᠰ ᠤ᠋ᠨ ᠳᠣᠲᠣᠭᠠᠳᠤ ᠭᠠᠳᠠᠭᠠᠳᠤᠶ᠋ᠢᠨ ᠪᠠᠷᠤᠭ ᠪᠣᠶ ᠪᠥᠬᠥᠶ ᠲᠣᠮᠣ ᠱᠠᠩᠨᠠᠯ ᠪᠠ ᠠᠯᠲᠠᠨ ᠮᠧᠳᠠᠯ ᠢ᠋ ᠴᠦᠮ ᠲᠤᠰᠤᠭᠰᠠᠨ ᠪᠠᠢᠨ᠎ᠠ᠃ ᠪᠡᠭᠡᠵᠢᠩ ᠤ᠋ᠨ ᠳᠠᠭᠤᠤ ᠬᠥᠭ᠌ᠵᠢᠮ ᠪᠤᠯᠤᠨ ᠪᠡᠭᠡᠵᠢᠩ ᠵᠦᠴᠦᠭᠡᠶ᠋ᠢᠨ ᠤᠨᠴᠠᠯᠢᠭ ᠰᠢᠨᠵᠢ ᠪᠡᠷ ᠲᠤᠪᠤᠢᠮ᠎ᠠ ᠡᠨᠡ ᠬᠦ᠌ ᠲᠤᠭᠯᠠᠯᠳᠠ ᠳ᠋ᠤ ᠬᠦᠴᠢᠷ ᠶᠡᠬᠡᠲᠡᠶ ᠳᠠᠮᠠᠷᠤ ᠲᠤᠭᠯᠠᠭᠠᠮ ᠤ᠋ᠨ ᠤᠷ᠎ᠠ ᠮᠡᠷᠭᠡᠵᠢᠯ ᠢ᠋ ᠠᠮᠢᠯᠠᠭᠤᠯᠵᠤ᠂ ᠬᠡᠳᠦᠨ ᠦᠶ᠎ᠡ ᠶ᠋ᠢᠨ ᠲᠣᠭ᠍ᠯᠠᠭ᠍ᠴᠢᠳ ᠤ᠋ᠨ ᠬᠦᠴᠦ ᠬᠦᠯᠦᠰᠤ ᠰᠢᠩᠬᠡᠵᠤ ᠪᠤᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃