2023-07-10 09:54:43
《ᠤᠯᠠᠭᠠᠨ ᠲᠤᠭ ᠤ᠋ᠨ ᠮᠠᠭᠳᠠᠭᠠᠯ》 ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠴᠤᠤᠷᠢᠶᠠᠳᠤᠵᠦ᠂ ᠤᠯᠤᠰ ᠤ᠋ᠨ ᠲᠤᠭ ᠮᠠᠨᠳᠤᠭᠤᠯᠬᠤ ᠦᠶ᠎ᠡ ᠵᠢᠨ ᠳᠤᠭᠳᠤᠯᠤᠯ ᠬᠢᠭᠡᠳ ᠤᠮᠤᠭᠰᠢᠯᠳᠦ ᠰᠡᠳᠬᠢᠯᠭᠡ᠂ ᠵᠢᠷᠤᠮᠳᠦ ᠪᠠᠭᠠᠲᠤᠷᠴᠤᠳ ᠵᠢᠡᠨ ᠲᠤᠷᠠᠰᠤᠨ ᠰᠠᠨᠠᠭᠠᠯᠵᠠᠬᠤ ᠰᠡᠳᠬᠢᠯ ᠦᠪᠡᠷ ᠤ᠋ᠨ ᠡᠷᠬᠡ ᠦᠬᠡᠢ ᠲᠦᠷᠦᠭᠳᠡᠨ᠎ᠡ᠃ 7 ᠰᠠᠷ᠎ᠠ ᠵᠢᠨ 9 ᠤ᠋ ᠤᠷᠤᠢ᠂ ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠤᠨᠴᠠ ᠤᠷᠢᠭᠰᠠᠨ ᠲᠤᠭᠯᠠᠯᠳᠠ ᠵᠢᠨ ᠨᠢᠭᠡ ᠪᠤᠯᠬᠤ ᠨᠠᠢᠷᠠᠯ ᠬᠦᠭᠵᠢᠮ 《ᠲᠤᠮᠳᠠᠳᠦ ᠭᠠᠳᠠᠭᠠᠳᠦ ᠵᠢᠨ ᠰᠤᠩᠭᠤᠳᠠᠭ ᠬᠦᠭᠵᠢᠮ ᠤ᠋ᠨ ᠴᠤᠭᠯᠠᠭᠠᠨ》 ᠨᠢ ᠲᠤᠮᠳᠠᠳᠦ ᠤᠯᠤᠰ ᠤ᠋ᠨ ᠳᠠᠭᠤᠯᠠᠯᠳᠦ ᠵᠦᠴᠦᠭᠡ ᠪᠦᠵᠢᠭᠳᠦ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠰᠦᠷ ᠳᠠᠯᠠᠢᠴᠠᠳᠠᠢ ᠬᠤᠪᠢᠰᠬᠠᠯ ᠤ᠋ᠨ ᠬᠦᠭᠵᠢᠮ ᠵᠢᠡᠷ ᠬᠦᠰᠢᠬᠡ ᠪᠠᠨ ᠰᠡᠬᠦᠯ᠎ᠠ᠃
《ᠪᠤᠭᠤᠨᠢ ᠰᠢᠯᠦᠭ ᠲᠦᠷᠪᠡᠨ ᠪᠠᠳᠠᠭ》᠂ 《ᠴᠠᠰᠤᠨ ᠤᠶᠠᠩᠭ᠎ᠠ》᠂ 《ᠡᠷᠡᠯᠬᠡᠭ ᠪᠠᠭᠠᠲᠤᠷ ᠦᠬᠢᠳ ᠬᠦᠪᠡᠬᠦᠳ》 ᠵᠡᠷᠭᠡ ᠰᠦᠷ ᠰᠦᠯᠳᠡ᠂ ᠤᠮᠤᠭ ᠳᠡᠬᠦᠯᠳᠡᠷ᠂ ᠢᠷᠠᠭᠤ ᠤᠶᠠᠩᠭᠠᠳᠦ ᠰᠤᠩᠭᠤᠳᠠᠭ ᠬᠦᠭᠵᠢᠮ ᠤ᠋ᠳ ᠦᠷᠬᠦᠯᠵᠢᠯᠡᠨᠠ᠃ 《ᠪᠢᠳᠡ ᠳᠡᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠵᠤᠬᠢᠴᠠᠭᠤᠯᠤᠨ ᠳᠡᠭᠡᠷ᠎ᠠ ᠬᠠᠭᠠᠰ ᠳᠠᠯᠠᠪᠠᠢ ᠲᠤᠭᠯᠠᠯᠳᠠ ᠳ᠋ᠤ ᠭᠤᠤᠯᠳᠠᠭᠤ ᠤᠯᠤᠰ ᠤ᠋ᠨ ᠳᠤᠳᠤᠭᠠᠳᠦ ᠵᠢᠨ ᠰᠤᠩᠭᠤᠳᠠᠭ ᠪᠦᠳᠦᠭᠡᠯ ᠢ᠋ ᠰᠤᠩᠭᠤᠵᠤ᠂ ᠦᠨᠳᠦᠰᠦᠳᠡᠨ ᠤ᠋ ᠴᠢᠯᠦᠭᠡᠯᠡᠯᠳᠡ ᠵᠢᠨ ᠲᠦᠯᠦᠭᠡ ᠠᠷᠢᠭᠤᠨ ᠴᠢᠰᠤ ᠬᠠᠯᠠᠭᠤᠨ ᠠᠮᠢ ᠪᠠᠨ ᠵᠤᠷᠢᠭᠤᠯᠤᠭᠰᠠᠨ ᠮᠢᠩᠭ᠎ᠠ ᠲᠦᠮᠡᠨ ᠪᠠᠭᠠᠲᠤᠷ ᠵᠤᠷᠢᠭᠳᠠᠳ ᠤ᠋ᠨ ᠡᠷᠡᠯᠬᠡᠭᠯᠡᠨ ᠲᠡᠮᠡᠴᠡᠭᠰᠡᠨ ᠠᠥᠭᠠ ᠲᠡᠥᠭᠡ᠂ ᠦᠭᠡᠷᠡᠴᠢᠯᠡᠯᠳᠡ ᠨᠡᠬᠡᠬᠡᠯᠳᠡ ᠵᠢᠨ ᠠᠭᠤᠤ ᠶᠡᠬᠡ ᠠᠮᠵᠢᠯᠳᠠ᠂ ᠦᠵᠡᠰᠬᠦᠯᠡᠩᠳᠦ ᠰᠠᠢᠬᠠᠨ ᠠᠭᠤᠯᠠ ᠤᠰᠤ ᠪᠠᠨᠪᠠᠬᠠᠳᠤᠨ ᠬᠦᠭᠵᠢᠮᠳᠡᠭᠰᠡᠨ ᠶᠤᠮ》 ᠭᠡᠵᠦ ᠦᠳᠡᠰᠢᠯᠡᠬᠡ ᠵᠢᠨ ᠤᠳᠤᠷᠢᠳᠤᠭᠠᠴᠢ᠂ ᠲᠤᠮᠳᠠᠳᠦ ᠤᠯᠤᠰ ᠤ᠋ᠨ ᠳᠠᠭᠤᠯᠠᠯᠳᠦ ᠵᠦᠴᠦᠭᠡ ᠪᠦᠵᠢᠭᠳᠦ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠳᠡᠳ᠋ ᠳᠠᠷᠤᠭ᠎ᠠ ᠰᠦᠩ ᠴᠢᠶᠠᠩ ᠬᠡᠯᠡᠨ᠎ᠡ᠃
ᠰᠤᠩᠭᠤᠳᠠᠭ ᠬᠦᠭᠵᠢᠮ ᠤ᠋ᠨ ᠤᠳᠬ᠎ᠠ ᠤᠶᠠᠩᠭ᠎ᠠ᠂ ᠤᠷᠠᠨ ᠭᠠᠢᠬᠠᠮᠰᠢᠭ ᠴᠠᠭ ᠬᠤᠭᠤᠴᠠᠭ᠎ᠠ ᠪᠠ ᠤᠷᠤᠨ ᠵᠠᠢ ᠳ᠋ᠤ ᠬᠢᠵᠠᠭᠠᠷᠯᠠᠭᠳᠠᠳᠠᠭ ᠦᠬᠡᠢ ᠶᠤᠮ᠃ ᠲᠤᠤᠷ᠎ᠠ ᠬᠠᠭᠠᠰ ᠳᠠᠯᠠᠪᠠᠢ ᠲᠤᠭᠯᠠᠯᠳᠠ ᠳ᠋ᠤ 《ᠷᠤᠰᠯᠠᠨ ᠬᠢᠭᠡᠳ ᠷᠢᠥᠳ᠋ ᠮᠢᠯᠠᠨ ᠤ᠋ ᠤᠷᠤᠰᠢᠯ ᠬᠦᠭᠵᠢᠮ》᠂ 《ᠬᠠᠩᠭᠠᠷᠢ ᠵᠢᠨ ᠪᠦᠵᠢᠭ ᠤ᠋ᠨ ᠠᠶ᠎ᠠ ᠵᠢᠨ ᠨᠢᠭᠡᠳᠦᠬᠡᠷ ᠬᠦᠭᠵᠢᠮ》᠂《ᠲᠠᠯ·ᠺᠢᠨᠲ》 ᠮᠦᠴᠡᠯᠬᠡ ᠠᠶᠠᠰ ᠵᠡᠷᠭᠡ ᠲᠡᠯᠡᠬᠡᠢ ᠵᠢᠨ ᠰᠤᠩᠭᠤᠳᠠᠭ ᠠᠶᠠᠵᠢ ᠬᠦᠭᠵᠢᠮᠳᠡᠵᠦ᠂ ᠦᠵᠡᠭᠴᠢᠳ ᠲᠦ᠍ ᠰᠤᠩᠭᠤᠳᠠᠭ ᠪᠦᠳᠦᠭᠡᠯ ᠪᠤᠯᠤᠨ ᠨᠠᠢᠷᠠᠯ ᠬᠦᠭᠵᠢᠮ ᠤ᠋ᠨ ᠷᠢᠳᠢ ᠰᠢᠳᠢᠵᠢ ᠳᠠᠨᠢᠭᠤᠯᠵᠦ᠂ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠦᠩᠬᠡ ᠬᠢᠯᠪᠠᠭ᠎ᠠ ᠨᠡᠮᠡᠵᠡᠢ᠃
《ᠪᠢᠳᠡ ᠦᠪᠦᠷ ᠮᠤᠨᠭᠭᠤᠯ ᠲᠠᠢ ᠮᠠᠰᠢ ᠤᠯᠠᠨ ᠤᠳᠠᠭ᠎ᠠ ᠬᠠᠮᠳᠤᠷᠠᠯᠴᠠᠵᠦ᠂ ᠨᠠᠢᠷᠠᠯ ᠬᠦᠭᠵᠢᠮ 〈ᠳᠠᠯ᠎ᠠ ᠨᠤᠲᠤᠭ ᠤ᠋ᠨ ᠰᠠᠭᠤᠭᠳᠠᠯ〉᠂ ᠪᠦᠵᠢᠭᠳᠦ ᠵᠦᠴᠦᠭᠡ 〈ᠵᠤᠤ ᠵᠢᠶᠦ᠋ᠨ〉᠂ ᠳᠠᠭᠤᠯᠠᠯᠳᠦ ᠵᠦᠴᠦᠭᠡ 〈ᠳᠠᠯᠠᠨ ᠬᠠᠷ᠎ᠠ ᠵᠢᠨ ᠳᠠᠢᠯᠠᠯᠳᠤᠭᠠᠨ〉 ᠮᠡᠳᠤ ᠵᠢᠨ ᠤᠯᠠᠨ ᠰᠠᠢᠬᠠᠨ ᠪᠦᠳᠦᠭᠡᠯ ᠭᠠᠷᠭᠠᠭᠰᠠᠨ᠂ ᠵᠠᠯᠭᠠᠭᠠᠳ ᠪᠢᠳᠡ ᠨᠡᠩ ᠨᠢᠭᠳᠠ ᠬᠠᠮᠳᠤᠷᠠᠯᠴᠠᠵᠦ᠂ ᠨᠡᠩ ᠤᠯᠠᠨ ᠰᠤᠳᠤᠨ ᠰᠤᠩᠭᠤᠳᠠᠭ ᠪᠦᠳᠦᠭᠡᠯ ᠭᠠᠷᠭᠠᠨ᠎ᠠ》 ᠭᠡᠵᠦ ᠲᠤᠮᠳᠠᠳᠦ ᠤᠯᠤᠰ ᠤ᠋ᠨ ᠳᠠᠭᠤᠯᠠᠯᠳᠦ ᠵᠦᠴᠦᠭᠡ ᠪᠦᠵᠢᠭᠳᠦ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠪᠠᠢᠩᠭᠤ ᠵᠢᠨ ᠤᠳᠤᠷᠢᠳᠤᠭᠠᠴᠢ ᠵᠢᠨ ᠭᠠᠩ ᠬᠡᠯᠡᠨ᠎ᠡ᠃ ᠮᠠᠨ ᠤ᠋ ᠤᠷᠤᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ 《ᠲᠤᠮᠳᠠᠳᠦ ᠭᠠᠳᠠᠭᠠᠳᠦ ᠵᠢᠨ ᠰᠤᠩᠭᠤᠳᠠᠭ ᠬᠦᠭᠵᠢᠮ ᠤ᠋ᠨ ᠴᠤᠭᠯᠠᠭᠠᠨ》 ᠤ᠋ ᠦᠳᠡᠰᠢᠯᠡᠬᠡ ᠵᠢ ᠡᠷᠬᠢᠯᠡᠭᠰᠡᠨ ᠨᠢ ᠰᠤᠶᠤᠯ ᠤᠷᠠᠯᠢᠭ ᠤ᠋ᠨ ᠬᠠᠷᠢᠯᠴᠠᠭ᠎ᠠ ᠰᠤᠯᠢᠯᠴᠠᠭ᠎ᠠ ᠵᠢ ᠴᠢᠩᠭᠠᠳᠬᠠᠨ᠂ ᠤᠳᠬ᠎ᠠ ᠤᠷᠠᠯᠢᠭ ᠤ᠋ᠨ ᠵᠤᠬᠢᠶᠠᠨ ᠪᠦᠳᠦᠭᠡᠯᠭᠡ ᠵᠢᠨ ᠰᠢᠨ᠎ᠠ ᠲᠦᠪᠰᠢᠨ ᠳ᠋ᠤ ᠬᠦᠷᠬᠦ ᠵᠢ ᠠᠬᠢᠭᠤᠯᠵᠤ᠂ 《ᠤᠮᠠᠷᠠᠳᠦ ᠬᠢᠯᠢ ᠵᠢᠨ ᠰᠤᠶᠤᠯ》 ᠤ᠋ᠨ ᠲᠦᠷᠦᠯ ᠳᠡᠮᠳᠡᠭ ᠢ᠋ ᠠᠯᠳᠠᠷᠰᠢᠭᠤᠯᠬᠤ ᠳ᠋ᠤ ᠴᠢᠬᠤᠯᠠ ᠦᠢᠯᠡᠳᠦᠯ ᠦᠵᠡᠬᠦᠯᠬᠦ ᠵᠢ ᠵᠤᠷᠢᠯ᠎ᠠ᠃
ᠴᠠᠭ ᠬᠠᠭᠠᠰ ᠬᠢᠷᠢᠳᠠᠢ ᠶᠠᠪᠤᠭᠳᠠᠭᠰᠠᠨ ᠵᠢᠡᠨ ᠦᠳᠡᠰᠢᠯᠡᠭᠡ ᠦᠨᠳᠦᠷᠯᠡᠵᠦ᠂ ᠳᠠᠯᠠᠪᠠᠢ ᠲᠦᠭᠦᠷᠡᠩ ᠰᠠᠭᠤᠯᠴᠠᠭᠰᠠᠨ ᠦᠵᠡᠭᠴᠢᠳ ᠤᠳᠠᠳᠠᠯ᠎ᠠ ᠠᠯᠠᠭ᠎ᠠ ᠳᠠᠰᠢᠵᠤ᠂ 《ᠰᠠᠢᠬᠠᠨ ᠲᠤᠭᠯᠠᠯᠳᠠ ᠪᠤᠯᠤᠯ᠎ᠠ》《ᠬᠠᠰᠢᠯᠠ ᠰᠤᠩᠭᠤᠳᠠᠭ ᠬᠦᠭᠵᠢᠮ ᠰᠤᠨᠤᠰᠪᠤᠷᠢᠳᠠᠢ !》 《ᠰᠤᠩᠭᠤᠳᠠᠭ ᠬᠦᠭᠵᠢᠮ ᠤ᠋ᠨ ᠤᠷᠠᠨ ᠭᠠᠢᠬᠠᠮᠰᠢᠭ ᠢ᠋ ᠮᠡᠳᠡᠷᠡᠯ᠎ᠠ》 ᠭᠡᠬᠦᠴᠢᠯᠡᠨ ᠶᠠᠷᠢᠵᠤ ᠪᠠᠶᠠᠷᠳᠠᠢᠬᠠᠨ ᠬᠠᠷᠢᠵᠠᠭᠠᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃