2023-07-10 10:02:42
7 ᠰᠠᠷ᠎ᠠ ᠵᠢᠨ 9 ᠤ᠋ ᠦᠳᠡ ᠵᠢᠨ ᠡᠮᠤᠨ᠎ᠠ᠂ ᠦᠪᠦᠷ ᠮᠤᠩᠭᠤᠯ ᠤ᠋ᠨ ᠮᠦᠽᠸᠢ ᠵᠢᠨ ᠡᠬᠦᠳᠡ ᠨᠡᠬᠡᠬᠡᠮᠡᠭᠴᠡ ᠬᠤᠷᠠᠨ ᠴᠤᠭᠯᠠᠷᠠᠭᠰᠠᠨ ᠬᠦᠮᠦᠰ ᠬᠦᠯᠢᠶᠡᠵᠤ ᠶᠠᠳᠠᠨ ᠬᠤᠶᠠᠳᠤᠭᠠᠷ ᠳᠠᠪᠬᠤᠷᠯᠢᠭ ᠤ᠋ᠨ ᠡᠮᠤᠨ᠎ᠡ ᠵᠠᠬ᠎ᠠ ᠶ᠋ᠢ ᠴᠢᠭᠯᠡᠨ ᠬᠤᠷᠳᠤᠯᠠᠨ ᠠᠯᠬᠤᠵᠤ᠂ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠵᠢᠡᠷ ᠨᠡᠬᠡᠬᠡᠭᠳᠡᠭᠰᠡᠨ 《ᠠᠭᠤᠰᠤᠯᠴᠠᠯ ᠢᠳᠡᠭᠡᠰᠢᠯ ᠤ᠋ᠨ ᠵᠠᠮ》 ᠲᠤᠮᠤ ᠬᠡᠯᠪᠡᠷᠢ ᠵᠢᠨ ᠲᠡᠤᠬᠡ ᠵᠢᠨ ᠲᠤᠷᠠᠰᠬᠠᠯᠳᠤ ᠵᠤᠢᠯᠡᠰ ᠤ᠋ᠨ ᠦᠵᠡᠬᠦᠯᠬᠡ ᠵᠢ ᠰᠤᠨᠢᠷᠬᠠᠬᠤ ᠭᠡᠰᠡᠨ ᠪᠤᠳᠤᠯ ᠳ᠋ᠠᠭᠠᠨ ᠬᠦᠲᠦᠯᠦᠭᠳᠡᠵᠤ ᠠᠷᠤ ᠠᠷᠤ ᠡᠴᠡ ᠪᠡᠨ ᠴᠤᠪᠤᠷᠠᠯᠳᠤᠨ᠎ᠠ᠃ ᠡᠬᠦᠨ ᠤ᠋ ᠲᠤᠳᠤᠷᠠᠬᠢ ᠨᠢᠬᠡ ᠨᠢ ᠱᠠᠨᠰᠢ ᠮᠤᠵᠢ ᠡᠴᠡ ᠢᠷᠡᠭᠰᠡᠨ ᠴᠠᠩ ᠠᠪᠤᠭᠠᠢ ᠪᠠᠢᠵᠤ᠂ ᠲᠡᠷᠡ ᠤᠯᠠᠨ ᠲᠠᠢ ᠬᠠᠮᠳᠤ ᠦᠵᠡᠬᠦᠯᠬᠡ ᠵᠢᠨ ᠲᠠᠯᠠᠪᠠᠢ ᠳ᠋ᠤ ᠤᠷᠤᠯ᠎ᠠ᠃
《ᠪᠢ ᠱᠠᠨᠰᠢ ᠮᠤᠵᠢ ᠵᠢᠨ ᠲᠠᠮᠡᠬᠡᠳᠤ ᠡᠴᠡ ᠢᠷᠡᠯ᠎ᠠ᠂ ᠲᠠᠮᠡᠬᠡᠳᠤ ᠪᠤᠯ ᠲᠠᠯ᠎ᠠ ᠨᠤᠲᠤᠭ ᠤ᠋ᠨ ᠰᠤᠶᠤᠯ ᠬᠢᠬᠡᠳ ᠵᠦᠩᠶᠤᠸᠠᠨ ᠤᠷᠤᠨ ᠤ᠋ ᠪᠤᠯᠪᠠᠰᠤᠨ ᠠᠭᠤᠰᠤᠯᠴᠠᠭᠰᠠᠨ ᠭᠠᠵᠠᠷ ᠪᠤᠯᠬᠤᠷ ᠰᠤᠶᠤᠯ ᠤ᠋ᠨ ᠠᠭᠤᠰᠤᠯᠴᠠᠯ ᠢ᠋ ᠬᠠᠷᠠᠭᠤᠯᠤᠭᠰᠠᠨ ᠲᠡᠦᠬᠡᠨ ᠲᠤᠷᠠᠰᠬᠠᠯᠲᠤ ᠵᠦᠢᠯᠡᠰ ᠨᠡᠯᠢᠶᠡᠳ ᠪᠠᠢᠳᠠᠭ᠃ ᠲᠤᠰ ᠦᠵᠡᠬᠦᠯᠬᠡ ᠳ᠋ᠤ ᠢᠷᠡᠭᠰᠡᠨ ᠤ᠋ ᠵᠤᠷᠢᠯᠭ᠎ᠠ ᠨᠢ ᠲᠤᠪᠠ ᠰᠢᠶᠠᠨᠪᠢ ᠵᠢᠨ ᠬᠦᠭᠵᠢᠯᠳᠡ ᠵᠢᠨ ᠶᠠᠪᠤᠴᠠ ᠵᠢ ᠤᠢᠯᠠᠭᠠᠬᠤ ᠵᠢᠨ ᠤᠯᠠᠮ ᠵᠢᠡᠷ ᠨᠡᠬᠦᠳᠡᠯ ᠮᠠᠯᠵᠢᠯ ᠤ᠋ᠨ ᠰᠤᠶᠤᠯ ᠬᠢᠬᠡᠳ ᠲᠠᠷᠢᠶᠠᠯᠠᠬᠤ ᠰᠤᠶᠤᠯ ᠤ᠋ᠨ ᠪᠦᠬᠦ ᠲᠠᠯ᠎ᠠ ᠪᠡᠷ ᠠᠭᠤᠰᠤᠯᠴᠠᠭᠰᠠᠨ 〈ᠲᠡᠤᠬᠡᠨ ᠢᠮ ᠲᠠᠮᠠᠭ᠎ᠠ〉 ᠵᠢ ᠦᠵᠡᠬᠦ ᠵᠢᠨ ᠲᠦᠯᠦᠬᠡ ᠶᠤᠮ》 ᠬᠡᠵᠤ ᠴᠠᠩ ᠠᠪᠤᠭᠠᠢ ᠦᠵᠡᠭᠦᠯᠭᠡ ᠳ᠋ᠤ ᠢᠷᠡᠭᠰᠡᠨ ᠵᠤᠷᠢᠯᠳᠠ ᠪᠠᠨ ᠲᠠᠯᠬᠡᠨᠠ᠃
《ᠠᠭᠤᠰᠤᠯᠴᠠᠯ ᠢᠳᠡᠭᠡᠰᠢᠯ ᠤ᠋ᠨ ᠵᠠᠮ — ᠲᠤᠪᠠ ᠰᠢᠶᠠᠨᠪᠢ ᠵᠢᠨ ᠨᠡᠭᠦᠳᠡᠯᠯᠡᠭᠰᠡᠨ ᠪᠠ ᠬᠦᠭᠵᠢᠭᠰᠡᠨ ᠲᠡᠦᠬᠡᠨ ᠶᠠᠪᠤᠴᠠ》 ᠦᠵᠡᠭᠦᠯᠭᠡ ᠪᠤᠯ ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠤᠷ ᠮᠤᠩᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠷᠢᠰ ᠦᠵᠡᠭᠦᠯᠭᠡ ᠵᠢᠨ ᠨᠢᠭᠡ ᠪᠠᠢᠵᠤ᠂ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ᠂ ᠥᠪᠡᠷᠲᠡᠭᠡᠨ ᠵᠠᠰᠠᠬᠤ ᠣᠷᠣᠨ ᠤ᠋ ᠲᠡᠸ᠋ᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠲᠣᠪᠴᠢᠶ᠎ᠠ ᠡᠴᠡ ᠭᠣᠸ᠋ᠯᠯᠠᠨ ᠡᠷᠬᠢᠯᠡᠪᠡ᠃ ᠦᠵᠡᠭᠦᠯᠭᠡ ᠨᠢ 3 ᠶᠡᠬᠡ ᠪᠦᠯᠦᠭ ᠤ᠋ᠨ 10 ᠪᠠᠭ᠎ᠠ ᠬᠡᠰᠡᠭ ᠵᠢᠡᠷ ᠪᠦᠷᠢᠯᠳᠤᠵᠤ᠂ ᠶᠠᠰᠤᠨ ᠪᠠᠭᠠᠵᠢ᠂ ᠸᠠᠭᠠᠷᠲᠤ ᠪᠤᠲᠤᠩ ᠵᠡᠷᠭᠡ ᠬᠡᠳᠦᠨ ᠮᠢᠩᠭᠠᠨ ᠵᠢᠯ ᠤ᠋ᠨ ᠲᠡᠷᠲᠡᠭᠡᠬᠢ ᠲᠣᠪᠠ ᠱᠢᠶᠡᠨᠪᠢ ᠲᠡᠶ ᠬᠤᠯᠪᠤᠭᠳᠠᠯ ᠪᠦᠬᠦᠢ ᠡᠯᠳᠡᠪ ᠵᠦᠢᠯ ᠤ᠋ᠨ ᠠᠮᠢᠳᠤᠷᠠᠯ ᠤ᠋ᠨ ᠪᠠᠭᠠᠵᠢ ᠬᠡᠷᠡᠭᠰᠡᠯ ᠡᠴᠡ ᠪᠤᠭᠤ ᠵᠢᠨ ᠲᠦᠷᠦᠭᠦᠲᠤ ᠠᠯᠲᠠᠨ ᠦᠰᠦᠨ ᠤ᠋ ᠵᠠᠰᠠᠯ᠂ ᠭᠠᠤᠯᠢᠨ ᠲᠤᠯᠢ᠂ ᠮᠤᠷᠢᠨ ᠬᠡ ᠲᠠᠢ ᠠᠯᠲᠠᠨ ᠵᠠᠰᠠᠯ ᠵᠡᠷᠭᠡ ᠨᠠᠷᠢᠯᠢᠭ ᠬᠢᠴᠠ ᠲᠠᠢ ᠵᠠᠰᠠᠯ ᠴᠢᠮᠡᠭᠯᠡᠯ ᠤ᠋ᠨ ᠪᠤᠳᠠᠰ ᠬᠦᠷᠲᠡᠯ᠎ᠡ ᠲᠠᠯᠬᠡᠭᠳᠡᠵᠤ᠂ ᠬᠠᠷᠠᠭᠰᠠᠨ ᠪᠦᠬᠦᠨ ᠤ᠋ ᠬᠠᠷᠠᠭ᠎ᠠ ᠵᠢ ᠪᠤᠯᠢᠶᠠᠨ᠎ᠠ᠃
ᠲᠤᠰ ᠦᠵᠡᠭᠦᠯᠭᠡ ᠳ᠋ᠤ ᠲᠣᠪᠠ ᠱᠢᠶᠡᠨᠪᠢ ᠲᠡᠶ ᠬᠤᠯᠪᠤᠭᠳᠠᠭᠰᠠᠨ 285 ᠬᠤᠪᠢ ᠤᠬᠢ ᠰᠤᠳᠤᠨ ᠲᠡᠦᠬᠡ ᠵᠢᠨ ᠳᠤᠷᠠᠰᠭᠠᠯᠲᠤ ᠵᠦᠢᠯᠢ ᠳᠡᠯᠭᠡᠨ ᠦᠵᠡᠭᠦᠯᠵᠤ᠂ ᠡᠭᠦᠨ ᠳ᠋ᠤ ᠨᠢᠭᠡᠳᠦᠭᠡᠷ ᠳᠡᠰ ᠤ᠋ᠨ ᠲᠡᠦᠬᠡ ᠶ᠋ᠢᠨ ᠳᠤᠷᠠᠰᠭᠠᠯᠲᠤ ᠵᠦᠢᠯ 36 ᠪᠠᠭᠲᠠᠵᠤ ᠪᠤᠢ᠃ ᠡᠳᠡᠭᠡᠷ ᠬᠤᠪᠤᠷ ᠨᠠᠨᠳᠢᠨ ᠲᠡᠦᠬᠡ ᠵᠢᠨ ᠳᠤᠷᠠᠰᠬᠠᠯᠲᠤ ᠵᠦᠢᠯᠡᠰ ᠨᠢ ᠸᠧᠶ ᠤᠯᠤᠰ ᠵᠢᠨ ᠤᠯᠤᠰ ᠤ᠋ᠨ ᠡᠮᠦᠨᠡᠲᠦ ᠤᠮᠠᠷᠠᠲᠤ ᠲᠥᠷᠥ ᠶ᠋ᠢᠨ ᠦᠶ᠎ᠡ ᠶ᠋ᠢᠨ ᠲᠣᠪᠠ ᠱᠢᠶᠡᠨᠪᠢ ᠵᠡᠷᠭᠡ ᠤᠮᠠᠷᠠᠲᠤᠶ᠋ᠢᠨ ᠡᠯ᠎ᠡ ᠦᠨᠳᠦᠰᠦᠲᠡᠨ ᠬᠢᠬᠡᠳ ᠵᠦᠩᠶᠤᠸᠠᠨ ᠣᠷᠣᠨ ᠤ᠋ ᠦᠨᠳᠦᠰᠦᠲᠡᠨ ᠯᠤᠬᠡ ᠵᠢᠨ ᠢᠳᠡᠵᠦ᠍ ᠡᠮᠦᠰᠭᠦ ᠶᠠᠪᠤᠵᠤ ᠰᠠᠭᠤᠬᠤ᠂ ᠰᠣᠶᠣᠯ ᠤᠷᠠᠯᠢᠭ᠂ ᠱᠠᠱᠢᠨ ᠱᠢᠲᠦᠯᠭᠡ ᠵᠡᠷᠭᠡ ᠲᠠᠯ᠎ᠠ ᠪᠠᠷ ᠬᠢ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠪᠤᠯᠤᠨ ᠨᠡᠭᠦᠳᠡᠯ ᠮᠠᠯᠵᠢᠯ ᠤ᠋ᠨ ᠰᠣᠶᠣᠯ ᠬᠢᠬᠡᠳ ᠲᠠᠷᠢᠶᠠᠯᠠᠬᠤ ᠰᠣᠶᠣᠯ ᠤ᠋ᠨ ᠪᠦᠬᠦ᠌ ᠲᠠᠯ᠎ᠠ ᠪᠠᠷ ᠠᠭᠤᠰᠤᠯᠴᠠᠭ᠍ᠰᠠᠨ ᠲᠡᠦᠬᠡ ᠵᠢ ᠦᠵᠡᠬᠦᠯᠵᠤ᠂ ᠳᠤᠮᠳᠠᠳᠤ ᠶ᠋ᠢᠨ ᠦᠨᠳᠤᠰᠤᠳᠡᠨ ᠤ᠋ ᠤᠯᠠᠨ ᠡᠰᠢᠵᠢᠭᠰᠡᠨ ᠨᠢᠭᠡ ᠴᠤᠭᠴᠠᠲᠤ ᠪᠠᠢᠷᠢᠰᠢᠯ ᠤ᠋ᠨ ᠲᠠᠰᠤᠷᠠᠯᠳᠠ ᠦᠬᠡᠢ ᠪᠦᠷᠢᠯᠳᠦᠭᠰᠡᠨ ᠲᠡᠤᠬᠡᠨ ᠠᠬᠢᠴᠠ ᠵᠢ ᠬᠠᠷᠠᠭᠤᠯᠪᠠ᠃ ᠤᠢᠯᠠᠭᠠᠭᠰᠠᠨ ᠵᠢᠡᠷ᠂ 《ᠠᠭᠤᠰᠤᠯᠴᠠᠯ ᠢᠳᠡᠭᠡᠰᠢᠯ ᠤ᠋ᠨ ᠵᠠᠮ — ᠲᠤᠪᠠ ᠰᠢᠶᠠᠨᠪᠢ ᠵᠢᠨ ᠨᠡᠭᠦᠳᠡᠯᠯᠡᠭᠰᠡᠨ ᠪᠠ ᠬᠦᠭᠵᠢᠭᠰᠡᠨ ᠲᠡᠦᠬᠡᠨ ᠶᠠᠪᠤᠴᠠ》 ᠦᠵᠡᠭᠦᠯᠭᠡ ᠨᠢ 7 ᠰᠠᠷ᠎ᠠ ᠵᠢᠨ 8 ᠤ᠋ ᠡᠳᠦᠷ ᠡᠴᠡ 9 ᠰᠠᠷ᠎ᠠ ᠵᠢᠨ 10 ᠤ᠋ ᠡᠳᠦᠷ ᠪᠤᠯᠲᠠᠯ᠎ᠠ ᠶᠠᠪᠤᠭᠳᠠᠬᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃