2023-07-11 10:01:40
7 ᠰᠠᠷ᠎ᠠ᠎ᠶᠢᠨ 10᠎ᠤ᠋ ᠣᠷᠣᠢ᠂ ᠲᠣᠮᠲᠠᠲᠣ ᠣᠯᠣᠰ᠎ᠤᠨ ᠲᠠᠭᠣᠣ ᠪᠦᠵᠢᠭ ᠵᠦᠴᠦᠭᠡ ᠵᠢᠨ ᠬᠦᠷᠢᠶᠡᠯᠡᠩ ᠡᠴᠡ ᠲᠠᠭᠣᠯᠠᠯᠲᠣ ᠵᠦᠴᠦᠭᠡ 《ᠪᠣᠭᠣᠷᠣᠯ ᠬᠡᠦᠬᠡᠨ》 ᠢ᠋ ᠬᠦᠬᠡᠬᠣᠲᠠ᠎ᠶᠢᠨ ᠣᠯᠠᠭᠠᠨ ᠲᠢᠶᠠᠲ᠋ᠷ ᠲᠦ᠍ ᠲᠣᠬᠯᠠᠵᠦ᠂ ᠦᠵᠡᠭᠴᠢᠳ ᠲᠦ᠍ ᠣᠷᠠᠯᠢᠬ᠎ᠤᠨ ᠰᠣᠲᠣᠨ ᠪᠦᠲᠦᠭᠡᠯ᠎ᠢ ᠰᠣᠨᠢᠷᠬᠠᠭᠣᠯᠣᠬᠰᠠᠨ ᠪᠢᠯᠡ᠃
ᠲᠠᠭᠣᠯᠠᠯᠲᠣ ᠵᠦᠴᠦᠭᠡ 《ᠪᠣᠭᠣᠷᠣᠯ ᠬᠡᠦᠬᠡᠨ》 ᠪᠣᠯ ᠬᠣᠷᠢᠲᠣᠭᠠᠷ ᠬᠣᠭᠣᠴᠠᠭᠠᠨ᠎ᠤ ᠲᠣᠮᠲᠠᠲᠣ ᠣᠯᠣᠰ·ᠦᠪᠦᠷ ᠮᠣᠩᠭᠣᠯ᠎ᠤᠨ ᠲᠠᠯ᠎ᠠ ᠨᠣᠲᠣᠬ᠎ᠤᠨ ᠰᠣᠶᠣᠯ᠎ᠤᠨ ᠨᠠᠢᠷ᠎ᠤᠨ ᠣᠨᠴᠠ ᠣᠷᠢᠬᠰᠠᠨ ᠲᠤᠬᠯᠠᠯᠳᠠ ᠪᠣᠯᠣᠨ᠎ᠠ᠃ ᠪᠦᠵᠢᠭᠲᠦ ᠵᠦᠴᠦᠭᠡ ᠨᠢ ᠲᠡᠭᠡᠷ᠎ᠡ ᠵᠠᠭᠣᠨ᠎ᠤ ᠭᠣᠴᠢᠭᠠᠳ ᠤᠨ ᠶ᠋ᠢᠡᠷ ᠲᠡᠦᠬᠡᠨ ᠠᠬᠣᠢ ᠪᠣᠯᠭᠠᠵᠦ᠂ ᠶᠠᠲᠠᠭᠣ ᠲᠠᠷᠢᠶᠠᠴᠢᠨ ᠶᠠᠩ ᠪᠠᠢ ᠯᠣᠣ ᠬᠢᠭᠡᠳ ᠬᠠᠷᠬᠢᠰ ᠭᠠᠵᠠᠷ᠎ᠤᠨ ᠡᠵᠡᠨ ᠬᠣᠸᠠᠩ ᠱᠢ ᠿᠸᠨᠤ ᠵᠦᠷᠢᠴᠡᠯ ᠮᠦᠷᠬᠦᠯᠲᠦᠭᠡᠨ ᠶ᠋ᠢᠡᠷ ᠦᠢᠯᠡ ᠶᠠᠪᠣᠲᠠᠯᠶ᠋ᠢᠡᠨ ᠦᠷᠨᠢᠬᠦᠯᠵᠦ᠂ ᠣᠷᠣᠬᠣ ᠭᠡᠷ ᠣᠭᠣᠴᠢᠬᠣ ᠠᠶᠠᠭ᠎ᠠ ᠦᠭᠡᠢ ᠪᠣᠯᠬᠣ ᠳ᠋ᠠᠭᠠᠨ ᠠᠷᠭ᠎ᠠ ᠪᠣᠰᠣ ᠠᠭᠣᠯᠠᠨ ᠠᠭᠣᠢ ᠳ᠋ᠦ ᠨᠢᠭᠣᠨ ᠲᠠᠯᠲᠠᠯᠠᠵᠦ᠂ ᠭᠠᠰᠢᠭᠣᠨ ᠵᠤᠪᠠᠯᠠᠩ ᠤ᠋ᠨ ᠲᠣᠮᠲᠠ ᠲᠡᠯᠴᠢᠯᠡᠭᠰᠡᠭᠡᠷ ᠦᠰᠦ ᠭᠡᠵᠢᠭᠡ ᠨᠢ ᠪᠣᠭᠣᠷᠣᠯᠲᠣᠵᠦ ᠦᠯᠦ ᠲᠠᠨᠢᠬᠲᠠᠬᠣ ᠪᠣᠯᠣᠬᠰᠠᠨ ᠬᠦᠭᠡᠷᠦᠬᠦᠢ ᠬᠡᠦᠬᠡᠨ᠎ᠤ ᠵᠣᠪᠠᠯᠠᠩᠲᠣ ᠦᠩᠭᠡᠷᠡᠯᠲᠡ ᠪᠡᠷ 《ᠬᠠᠭᠣᠴᠢᠨ ᠨᠡᠢᠭᠡᠮ ᠬᠦᠮᠦᠨ᠎ᠢ ᠴᠢᠳᠬᠦᠷ ᠪᠣᠯᠭᠠᠬᠣ ᠳ᠋ᠦ ᠰᠢᠨ᠎ᠡ ᠨᠡᠢᠭᠡᠮ ᠴᠢᠳᠬᠦᠷᠢ ᠬᠦᠮᠦᠨ ᠪᠣᠯᠭᠠᠬᠰᠠᠨ》 ᠭᠣᠣᠯ ᠠᠭᠣᠯᠭ᠎ᠠ ᠪᠠᠨ ᠲᠡᠯᠭᠡᠨ ᠦᠵᠡᠬᠦᠯᠦᠭᠰᠡᠨ ᠪᠠᠢᠨ᠎ᠠ᠃
ᠬᠡᠳᠦᠨ ᠦᠶ᠎ᠡ᠎ᠶᠢᠨ ᠬᠦᠮᠦᠰ᠎ᠤᠨ ᠬᠠᠭᠣᠴᠢᠷᠠᠰᠢ ᠦᠭᠡᠢ ᠲᠣᠷᠠᠳᠬᠠᠯ ᠪᠣᠯᠣᠬᠰᠠᠨ ᠲᠠᠭᠣᠯᠠᠯᠲᠣ ᠵᠦᠴᠦᠭᠡ 《ᠪᠣᠭᠣᠷᠣᠯ ᠬᠡᠦᠬᠡᠨ》 ᠪᠣᠯ ᠲᠣᠮᠲᠠᠲᠣ ᠣᠯᠣᠰ᠎ᠤᠨ ᠬᠠᠮᠣᠬ ᠤ᠋ᠨ ᠠᠩᠬᠠᠨ᠎ᠤ ᠲᠠᠭᠣᠯᠠᠯᠲᠣ ᠵᠦᠴᠦᠭᠡ ᠪᠤᠯᠤᠨ᠎ᠠ᠃ ᠲᠡᠷᠡ ᠨᠢ ᠱᠠᠨ ᠰᠢ ᠴᠠᠬᠠᠷ ᠾᠸᠪᠸᠢ᠎ᠶᠢᠨ ᠠᠷᠠᠳ᠎ᠤᠨ ᠲᠣᠮᠲᠠ ᠣᠯᠠᠮᠵᠢᠯᠠᠬᠲᠠᠵᠦ ᠪᠠᠢᠬᠰᠠᠨ ᠦᠯᠢᠭᠡᠷ᠎ᠢ ᠦᠨᠳᠦᠰᠦᠯᠡᠵᠦ᠂ ᠶᠠᠨ ᠠᠨ᠎ᠤ ᠯᠦ᠍ ᠰᠢᠶᠦᠢ᠍ᠨ ᠣᠷᠠᠯᠢᠬ ᠣᠳᠬ᠎ᠠ ᠵᠣᠬᠢᠶᠠᠯ᠎ᠤᠨ ᠲᠡᠭᠡᠲᠦ ᠰᠣᠷᠭᠠᠭᠣᠯᠢ᠎ᠡᠴᠡ ᠵᠣᠬᠢᠶᠠᠨ ᠪᠦᠲᠦᠭᠡᠭᠰᠡᠨ ᠪᠦᠲᠦᠭᠡᠯ ᠪᠣᠯᠬᠣ ᠶᠣᠮ᠃ ᠴᠠᠬ ᠦᠶ᠎ᠡ᠎ᠶᠢᠨ ᠬᠦᠭᠵᠢᠯᠲᠡ᠎ᠶᠢ ᠲᠠᠭᠠᠯᠲᠣᠨ ᠲᠣᠰ ᠲᠠᠭᠣᠯᠠᠯᠲᠣ ᠵᠦᠴᠦᠭᠡ᠎ᠶᠢ ᠣᠯᠠᠨ ᠲᠠᠬᠢᠨ ᠵᠠᠰᠠᠪᠣᠷᠢᠯᠠᠨ ᠲᠣᠬᠯᠠᠬᠰᠠᠨ ᠪᠠᠢᠨ᠎ᠠ᠃ 《〈ᠪᠣᠭᠣᠷᠣᠯ ᠬᠡᠦᠬᠡᠨ〉 ᠲᠠᠭᠣᠯᠠᠯᠲᠣ ᠵᠦᠴᠦᠭᠡ ᠪᠣᠯ ᠵᠣᠬᠢᠶᠠᠨ ᠪᠦᠲᠦᠭᠡᠭᠰᠡᠨ ᠲᠡᠷᠡ ᠡᠳᠦᠷ ᠡᠴᠡ ᠪᠠᠨ ᠠᠪᠣᠭᠠᠳ ᠣᠯᠠᠨ ᠲᠦᠮᠡᠨ᠎ᠤ ᠬᠦᠷᠢᠶᠡᠯᠡᠯ᠎ᠢ ᠣᠯᠣᠭᠰᠠᠭᠠᠷ ᠢᠷᠡᠭᠰᠡᠨ ᠣᠷᠠᠯᠢᠬ᠎ᠤᠨ ᠰᠣᠩᠭᠣᠲᠠᠬ ᠪᠦᠲᠦᠭᠡᠯ ᠪᠣᠯᠣᠨ᠎ᠠ᠃ ᠡᠨᠡ ᠣᠷᠣᠢ᠎ᠶᠢᠨ ᠲᠣᠬᠯᠠᠬᠰᠠᠨ ᠲᠠᠭᠣᠯᠠᠯᠲᠣ ᠵᠦᠴᠦᠭᠡ ᠪᠣᠯ 2015 ᠤᠨ ᠳ᠋ᠦ ᠰᠢᠨ᠎ᠡ ᠪᠡᠷ ᠵᠠᠰᠠᠪᠣᠷᠢᠯᠠᠨ ᠲᠣᠬᠯᠠᠬᠰᠠᠨ ᠵᠦᠴᠦᠭᠡ᠂ ᠪᠢᠳᠡ ᠰᠢᠨᠡᠴᠢᠯᠡᠨ ᠦᠭᠡᠷᠡᠴᠢᠯᠡᠬᠦ ᠳ᠋ᠡᠭᠡᠨ ᠵᠦᠴᠦᠭᠡ᠎ᠶᠢᠨ ᠦᠯᠢᠭᠡᠷ ᠦᠢᠯᠡ ᠶᠠᠪᠣᠲᠠᠯ᠎ᠢ ᠠᠬᠰᠢᠭᠠᠨ ᠴᠣᠮᠬᠠᠳᠬᠠᠬᠰᠠᠨ ᠪᠣᠯᠪᠠᠴᠣ ᠲᠡᠦᠭᠡ᠎ᠶᠢᠨ ᠦᠨᠡᠨ᠎ᠢ ᠬᠠᠷᠠᠭᠣᠯᠬᠣ᠎ᠶᠢ ᠪᠠᠷᠢᠮᠲᠠᠯᠠᠵᠦ᠂ ᠴᠠᠬ ᠦᠶ᠎ᠡ᠎ᠶᠢᠨ ᠬᠦᠭᠵᠢᠯᠲᠡ ᠲᠠᠢ ᠠᠭᠣᠰᠣᠯᠴᠠᠭᠣᠯᠣᠨ ᠲᠠᠢᠰᠠᠨ᠎ᠤ ᠴᠢᠮᠡᠭᠯᠡᠯ ᠵᠡᠷᠭᠡ ᠲᠠᠯ᠎ᠠ ᠪᠡᠷ ᠦᠭᠡᠷᠡᠴᠢᠯᠡᠯᠲᠡ ᠰᠢᠨᠡᠴᠢᠯᠡᠯᠲᠡ ᠬᠢᠵᠠᠢ》 ᠭᠡᠵᠦ ᠲᠣᠰ ᠵᠦᠴᠦᠭᠡ᠎ᠶᠢᠨ ᠬᠦᠢᠴᠡᠳᠭᠡᠭᠰᠡᠨ ᠣᠲᠣᠷᠢᠲᠣᠭᠠᠴᠢ ᠵᠦ᠍ ᠶᠠ ᠯᠢᠨ ᠶᠠᠷᠢᠵᠦ ᠪᠠᠢᠯ᠎ᠠ᠃
ᠭᠠᠲᠠᠨ᠎ᠠ ᠵᠦᠭᠡᠯᠡᠨ ᠰᠠᠯᠬᠢ ᠰᠡᠪᠡᠯᠵᠡᠵᠦ ᠵᠣᠨ᠎ᠤ ᠰᠠᠢᠬᠠᠨ ᠡᠳᠦᠷ ᠭᠡᠲᠡᠭ᠎ᠢ ᠲᠣᠩᠬᠠᠬᠯᠠᠨᠠ᠂ ᠭᠡᠲᠡᠯ᠎ᠡ ᠵᠦᠴᠦᠭᠡ ᠳ᠋ᠦ 《ᠣᠮᠠᠷ᠎ᠠ ᠰᠠᠯᠬᠢᠨ ᠬᠠᠣᠬᠢᠨᠠ᠂ ᠴᠠᠰᠣ ᠯᠠᠪᠰᠠᠯᠠᠨ ᠬᠠᠶᠠᠯᠠᠨ᠎ᠠ ᠁》᠃ ᠦᠩᠭᠡᠷᠡᠭᠰᠡᠨ ᠴᠠᠬ᠎ᠤᠨ ᠭᠠᠰᠢᠭᠣᠨ ᠦᠯᠢᠭᠡᠷ᠎ᠢ ᠬᠠᠷᠠᠬᠣ ᠡᠴᠡ ᠡᠪᠴᠢᠬᠦᠦ ᠲᠦᠬᠦᠷᠡᠩ ᠨᠢᠯᠪᠣᠰᠣ ᠲᠠᠢ᠂ ᠦᠨᠦᠲᠦᠷ᠎ᠤᠨ ᠵᠢᠷᠭᠠᠯᠲᠣ ᠠᠮᠢᠲᠣᠷᠠᠯᠶ᠋ᠢᠡᠨ ᠪᠣᠲᠣᠬᠣ ᠡᠴᠡ ᠴᠢᠷᠠᠢ ᠲᠦᠬᠦᠷᠡᠩ ᠮᠦᠰᠢᠶᠡᠲᠦ ᠲᠠᠢ᠂ ᠵᠦᠴᠦᠭᠡ ᠰᠣᠨᠢᠷᠬᠠᠵᠦ ᠵᠣᠯ ᠵᠢᠷᠭᠠᠯ᠎ᠤᠨ ᠣᠳᠬ᠎ᠠ ᠣᠴᠢᠷ᠂ ᠦᠨ᠎ᠡ ᠴᠠᠨ᠎ᠠ᠎ᠶᠢ ᠣᠬᠠᠭᠠᠷᠠᠬᠰᠠᠨ ᠬᠦᠮᠦᠰ ᠦᠶ᠎ᠡ ᠦᠶ᠎ᠡ ᠠᠯᠠᠭ᠎ᠠ ᠲᠠᠰᠢᠯᠲᠠ ᠪᠡᠷ ᠣᠷᠮ᠎ᠠ ᠬᠠᠢᠷᠠᠯᠠᠵᠦ ᠪᠠᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃