ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-12 10:51:09

ᠵᠣᠬᠢᠶᠠᠭ᠍ᠴᠢ᠄ ᠨᠠᠮᠤᠭ ᠣᠩᠱᠢᠭ᠍ᠰᠠᠨ ᠣᠳᠠᠭ᠎ᠠ᠄ 3

ᠠᠷᠢᠶᠠᠲᠠᠨ ᠰᠡᠢᠯᠦᠭᠰᠡᠨ ᠰᠢᠯ ᠪᠤᠳᠤᠭᠲᠤ ᠱᠠᠭᠠᠵᠠᠩ ᠳᠡᠷ᠎ᠡ᠂ ᠠᠮᠢᠲᠠᠨ ᠤ᠋ ᠳᠦᠷᠰᠦᠲᠤ ᠬᠦᠷᠡᠯ ᠬᠡᠷᠡᠭᠰᠡᠯ᠂ ᠠᠯᠲᠠ ᠴᠢᠮᠡᠭᠯᠡᠯ ᠲᠠᠢ ᠠᠷᠠᠰᠤᠨ ᠪᠦᠰᠡ᠂ ᠪᠠᠷᠠᠭᠤᠨ ᠰᠢᠶᠠ ᠤᠯᠤᠰ ᠤ᠋ᠨ 《ᠠᠬᠠᠯᠠᠭᠴᠢ》 ᠵᠢᠨ ᠭᠠᠤᠯᠢᠨ ᠲᠠᠮᠠᠭ᠎ᠠ᠂ ᠮᠤᠳᠤᠨ ᠰᠢᠷᠡᠭᠡ᠂ ᠠᠯᠲᠠᠨ ᠪᠤᠷᠬᠠᠨ ᠤ᠋ ᠬᠦᠷᠦᠭ᠂ ᠮᠦᠩᠭᠦᠨ ᠬᠡᠷᠡᠭᠡ᠂ ᠠᠯᠲᠠᠨ ᠴᠡᠴᠡᠭᠲᠤ ᠵᠠᠰᠠᠯ᠂ ᠴᠠᠭᠠᠨ ᠰᠢᠯ ᠪᠤᠳᠤᠭᠲᠤ ᠳ᠋ᠸᠩ ᠤ᠋ᠨ ᠲᠠᠯᠪᠢᠭᠤᠷ᠂ ᠲᠡᠮᠤᠷ ᠬᠢᠴᠡᠲᠤ ᠨᠤᠭᠲᠤ᠂ ᠠᠯᠲᠠᠨ ᠲᠢᠲᠢᠮ᠂ ᠪᠤᠭᠤ ᠵᠢᠨ ᠠᠷᠠᠰᠤᠨ ᠡᠮ ᠤ᠋ᠨ ᠲᠤᠯᠤᠮ ᠁ ᠭᠡᠳ ᠦᠪᠦᠷ ᠮᠤᠩᠭᠤᠯ ᠤ᠋ᠨ ᠮᠦᠽᠸᠢ ᠵᠢᠨ 《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠵᠢᠨ ᠲᠢᠩᠬᠢᠮ ᠳ᠋ᠡᠬᠢ ᠲᠡᠦᠬᠡ ᠰᠤᠶᠤᠯ ᠢ᠋ ᠬᠠᠷᠠᠭᠤᠯᠤᠭᠰᠠᠨ ᠡᠯᠳᠡᠪ ᠵᠦᠢᠯ ᠤ᠋ᠨ ᠬᠦᠷᠡᠯ ᠪᠠᠭᠠᠵᠢ᠂ ᠦᠩᠭᠡ ᠪᠦᠷᠢ ᠵᠢᠨ ᠸᠠᠭᠠᠷ ᠱᠠᠭᠠᠵᠠᠩ᠂ ᠵᠦᠢᠯ ᠪᠦᠷᠢ ᠵᠢᠨ ᠬᠠᠰ ᠪᠠᠭᠠᠵᠢ ᠬᠡᠷᠡᠭᠰᠡᠯ᠂ ᠨᠠᠷᠢᠯᠢᠭ ᠬᠢᠴᠡ ᠲᠠᠢ ᠠᠯᠲᠠ ᠮᠥᠩᠭᠥᠨ ᠡᠳ᠋ᠯᠡᠯ ᠵᠡᠷᠭᠡ 400 ᠭᠠᠷᠤᠢ ᠬᠤᠪᠢ ᠬᠣᠪᠣᠷ ᠨᠠᠨᠳᠢᠨ ᠲᠡᠦᠬᠡ ᠵᠢᠨ ᠳᠤᠷᠠᠰᠭᠠᠯᠲᠤ ᠵᠤᠢᠯᠠᠰ ᠨᠢ ᠶᠠᠭᠠᠬᠢᠬᠤ ᠵᠢᠨ ᠠᠷᠭ᠎ᠠ ᠦᠭᠡᠢ ᠰᠤᠨᠢᠷᠬᠠᠯ ᠢ᠋ ᠲᠠᠲᠠᠯ᠎ᠠ᠃


DSC04296.JPG


《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠪᠤᠯ ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠤᠷ ᠮᠤᠩᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠷᠢᠰ ᠦᠵᠡᠭᠦᠯᠭᠡ ᠵᠢᠨ ᠨᠢᠬᠡ᠂ ᠦᠪᠡᠷᠲᠡᠭᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠠᠯ ᠤ᠋ᠨ ᠲᠢᠩᠬᠢᠮ᠂ ᠦᠪᠡᠷᠲᠡᠭᠡᠨ ᠵᠠᠰᠠᠬᠤ ᠤᠷᠤᠨ ᠤ᠋ ᠲᠡᠦᠬᠡ ᠵᠢᠨ ᠳᠤᠷᠠᠰᠬᠠᠯᠲᠤ ᠵᠦᠢᠯᠡᠰ ᠤ᠋ᠨ ᠲᠤᠪᠴᠢᠶ᠎ᠡ ᠡᠴᠡ ᠭᠤᠤᠯᠳᠠᠯᠭ᠎ᠠ ᠲᠠᠢ ᠲᠠᠨᠢᠯᠴᠠᠭᠤᠯᠵᠤ ᠪᠦᠬᠦᠢ ᠳᠡᠯᠭᠡᠨ ᠦᠵᠡᠭᠦᠯᠭᠡ ᠵᠢᠨ ᠨᠢᠭᠡ ᠪᠠᠢᠵᠤ᠂ 《ᠴᠢᠮᠠᠯᠠᠰᠢ ᠦᠭᠡᠢ ᠤᠷᠲᠤ ᠲᠡᠦᠬᠡᠨ ᠱᠠᠰᠲᠢᠷ》᠂ 《ᠢᠳᠡᠭᠡᠰᠢᠯ ᠠᠭᠤᠰᠤᠯᠴᠠᠯ》᠂ 《ᠤᠮᠠᠷᠠᠲᠤ ᠬᠢᠯᠢ ᠶ᠋ᠢ ᠪᠡᠬᠢᠵᠢᠭᠦᠯᠪᠡ》᠂ 《ᠦᠨᠢᠷ ᠪᠠᠶᠠᠯᠢᠭ ᠦᠪ ᠰᠣᠶᠣᠯ》 ᠵᠡᠷᠭᠡ ᠳᠦᠷᠪᠡᠨ ᠬᠡᠰᠡᠭ ᠵᠢᠡᠷ ᠪᠦᠷᠢᠯᠳᠤᠪᠠ᠃


DSC04250.JPG


《ᠲᠤᠰ ᠦᠵᠡᠭᠦᠯᠭᠡ ᠪᠡᠷ ᠲᠠᠮᠵᠢᠨ ᠲᠤᠬᠠᠢ ᠵᠢᠨ ᠦᠶ᠎ᠡ ᠵᠢᠨ ᠰᠣᠶᠣᠯ ᠤ᠋ᠨ ᠠᠭᠤᠰᠤᠯᠴᠠᠯ ᠨᠢ ᠬᠤᠪᠴᠠᠰᠤ ᠬᠤᠨᠠᠷ᠂ ᠢᠳᠡᠭᠡᠨ ᠤᠮᠳᠠᠭᠠᠨ᠂ ᠡᠳ᠋ᠯᠡᠯ ᠬᠡᠷᠡᠭᠰᠡᠯ ᠵᠡᠷᠭᠡ ᠠᠮᠢᠳᠤᠷᠠᠯ ᠤ᠋ᠨ ᠡᠯ᠎ᠡ ᠲᠠᠯ᠎ᠠ᠎ᠳᠤ ᠢᠯᠡᠷᠡᠵᠤ ᠪᠠᠢᠬᠤ ᠵᠢ ᠤᠯᠵᠤ ᠬᠠᠷᠠᠯ᠎ᠠ᠃ ᠲᠡᠦᠬᠡ ᠵᠢᠨ ᠲᠤᠰᠭᠠᠶ ᠮᠡᠷᠭᠡᠵᠢᠯ ᠤ᠋ᠨ ᠣᠶᠤᠲᠠᠨ ᠪᠣᠯᠤᠭ᠍ᠰᠠᠨ ᠤ᠋ ᠬᠤᠪᠢ ᠳ᠋ᠤ ᠪᠢ ᠡᠨᠡ ᠡᠳᠤᠷ ᠤ᠋ᠨ ᠦᠵᠡᠭᠰᠡᠨ ᠦᠵᠡᠭᠦᠯᠭᠡ ᠵᠢᠨ ᠲᠤᠬᠠᠢ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ᠋ ᠬᠠᠢᠵᠤ ᠪᠠᠢᠭᠠᠳ ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠬᠤᠭᠤᠷᠤᠨᠳᠤᠬᠢ ᠦᠪᠤᠷ ᠮᠤᠩᠭᠤᠯ ᠤᠷᠤᠨ ᠤ᠋ ᠲᠡᠦᠬᠡ ᠰᠤᠶᠤᠯ ᠢ᠋ ᠨᠡᠩ ᠭᠦᠨᠵᠡᠭᠡᠢ ᠤᠢᠯᠠᠭᠠᠵᠤ᠂ ᠨᠡᠩ ᠬᠦᠨᠵᠡᠬᠡᠢ ᠠᠭᠤᠳᠠᠯᠬᠤ ᠶ᠋ᠢ ᠪᠤᠳᠤᠵᠤ ᠪᠠᠢᠨ᠎ᠠ》 ᠬᠡᠵᠤ ᠦᠵᠡᠬᠦᠯᠬᠡ ᠵᠢ ᠰᠤᠨᠢᠷᠬᠠᠵᠤ ᠪᠠᠢᠭᠰᠠᠨ ᠤᠶᠤᠳᠠᠨ ᠵᠠᠯᠠᠭᠤ ᠤᠷᠮᠠᠳᠠᠢ ᠶᠠᠷᠢᠨ᠎ᠡ᠃


DSC04253.JPG


《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠨᠢ ᠦᠪᠤᠷ ᠮᠤᠩᠭᠤᠯ ᠣᠷᠣᠨ ᠤ᠋ ᠠᠳᠠᠯᠢ ᠪᠤᠰᠤ ᠲᠡᠦᠬᠡᠨ ᠴᠠᠭ ᠦᠶ᠎ᠡ ᠵᠢᠨ ᠲᠡᠦᠬᠡ ᠵᠢᠨ ᠳᠤᠷᠠᠰᠭᠠᠯᠲᠤ ᠵᠦᠢᠯᠡᠰ ᠤ᠋ᠨ ᠬᠠᠳᠠᠭᠠᠯᠠᠮᠵᠢ ᠶ᠋ᠢ ᠲᠡᠯᠭᠡᠨ ᠦᠵᠡᠭᠦᠯᠬᠦ ᠪᠠᠷ ᠲᠠᠮᠵᠢᠨ ᠮᠠᠨ ᠤ᠋ ᠤᠯᠤᠰ ᠤ᠋ᠨ ᠨᠢᠭᠡᠳᠦᠭ᠌ᠰᠡᠨ ᠤᠯᠠᠨ ᠦᠨᠳᠦᠰᠦᠲᠡᠨ ᠲᠡᠶ ᠤᠯᠤᠰ ᠪᠤᠯᠵᠤ ᠤᠯᠠᠷᠢᠨ ᠬᠤᠪᠢᠰᠴᠤ᠌ ᠪᠦᠷᠢᠯᠳᠦᠭ᠌ᠰᠡᠨ ᠲᠡᠦᠬᠡ ᠵᠢᠨ ᠪᠠᠢᠳᠠᠯ ᠢ᠋ ᠬᠠᠷᠠᠭᠤᠯᠵᠤ᠂ ᠲᠡᠦᠬᠡᠨ ᠳᠡᠭᠡᠷᠡᠬᠢ ᠥᠪᠥᠷ ᠮᠣᠩᠭᠣᠯ ᠣᠷᠣᠨ ᠤ᠋ ᠦᠨᠳᠦᠰᠦᠲᠡᠨ ᠨᠤᠭᠦᠳ ᠤ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ᠋ ᠭᠡᠷᠡᠴᠢᠯᠡᠭᠰᠡᠨ ᠪᠦᠭᠡᠳ ᠳᠤᠮᠳᠠᠳᠤ ᠵᠢᠨ ᠦᠨᠳᠦᠰᠦᠲᠡᠨ ᠤ᠋ ᠤᠯᠠᠨ ᠡᠱᠢᠴᠢᠯᠡᠭᠰᠡᠨ ᠨᠢᠭᠡ ᠴᠤᠭᠴᠠᠲᠤ ᠪᠠᠢᠷᠢᠱᠢᠯ ᠤ᠋ᠨ ᠬᠥᠭ᠌ᠵᠢᠨ ᠪᠤᠵᠠᠭᠠᠢ᠌ᠷᠠᠭ᠍ᠰᠠᠨ ᠲᠡᠦᠬᠡᠨ ᠶᠠᠪᠤᠴᠠ ᠶ᠋ᠢ ᠲᠣᠳᠣᠷᠬᠠᠢᠯᠠᠭᠰᠠᠨ ᠪᠠᠢᠨ᠎ᠠ᠃


DSC04229.JPG


ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ᠂ ᠥᠪᠡᠷᠲᠡᠭᠡᠨ ᠵᠠᠰᠠᠬᠤ ᠣᠷᠣᠨ ᠤ᠋ ᠲᠡᠦᠬᠡ ᠵᠢᠨ ᠳᠤᠷᠠᠰᠭᠠᠯᠲᠤ ᠵᠦᠢᠯᠡᠰ ᠤ᠋ᠨ ᠲᠤᠪᠴᠢᠶ᠎ᠠ ᠡᠴᠡ ᠭᠣᠣᠯᠯᠠᠨ ᠡᠷᠬᠢᠯᠡᠵᠦ᠍᠂ ᠥᠪᠥᠷ ᠮᠣᠩᠭᠣᠯ ᠤ᠋ᠨ ᠮᠦᠽᠧᠢ ᠡᠴᠡ ᠳᠠᠭᠠᠭᠠᠴᠢᠯᠠᠨ ᠡᠷᠬᠢᠯᠡᠭ᠌ᠰᠡᠡ 《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠨᠢ ᠤᠯᠤᠰ ᠤ᠋ᠨ ᠲᠡᠦᠬᠡ ᠵᠢᠨ ᠳᠤᠷᠠᠰᠭᠠᠯᠲᠤ ᠵᠦᠢᠯᠡᠰ ᠤ᠋ᠨ ᠲᠤᠪᠴᠢᠶ᠎ᠠ ᠵᠢᠨ 2023 ᠣᠨ ᠤ᠋ 《ᠳᠤᠮᠳᠠᠳᠤ ᠵᠢᠨ ᠱᠢᠯᠢᠳᠡᠭ ᠤᠯᠠᠮᠵᠢᠯᠠᠯᠲᠤ ᠰᠣᠶᠣᠯ ᠢ᠋ ᠪᠠᠳᠠᠷᠠᠭᠤᠯᠵᠤ᠂ ᠨᠡᠢᠭᠡᠮ ᠵᠢᠷᠤᠮ ᠤ᠋ᠨ ᠭᠣᠣᠯᠯᠠᠭ᠍ᠴᠢ ᠦᠷᠳᠡᠭ ᠤ᠋ᠨ ᠦᠵᠡᠯᠲᠡ ᠶ᠋ᠢ ᠪᠤᠢ ᠪᠤᠯᠭᠠᠶ᠎ᠠ》 ᠭᠡᠬᠦ᠌ ᠭᠣᠣᠯ ᠰᠡᠳᠦᠪᠲᠦ ᠦᠵᠡᠭᠦᠯᠭᠡ ᠵᠢᠨ ᠭᠤᠤᠯᠳᠠᠯᠭ᠎ᠠ ᠲᠠᠢ ᠲᠠᠨᠢᠯᠴᠠᠭᠤᠯᠬᠤ 20 ᠲᠦᠷᠦᠯ ᠵᠦᠢᠯ ᠳ᠋ᠤ ᠬᠠᠮᠤᠷᠤᠭᠳᠠᠨ ᠤᠷᠤᠪᠠ᠃


DSC04318.JPG


DSC04270.JPG

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面