ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-12 10:58:06

ᠵᠣᠬᠢᠶᠠᠭ᠍ᠴᠢ᠄ ᠭᠤᠤ ᠬᠤᠡᠭ ᠯᠢᠶᠠᠨ ᠨᠠᠮᠤᠭ ᠣᠩᠱᠢᠭ᠍ᠰᠠᠨ ᠣᠳᠠᠭ᠎ᠠ᠄ 3

ᠨᠠᠢᠷᠠᠭᠤᠯᠤᠬᠴᠢ ᠵᠢᠨ ᠦᠭᠡ ᠄

ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠤᠷ ᠮᠤᠩᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠬᠤᠭᠤᠴᠠᠭᠠᠨ ᠳ᠋ᠤ ᠂《ᠠᠭᠤᠰᠤᠯᠴᠠᠯ ᠢᠳᠡᠭᠡᠰᠢᠯ ᠤ᠋ᠨ ᠵᠠᠮ — ᠲᠤᠪᠠ ᠰᠢᠶᠠᠨᠪᠢ ᠵᠢᠨ ᠨᠡᠭᠦᠳᠡᠯᠯᠡᠭᠰᠡᠨ ᠪᠠ ᠬᠦᠭᠵᠢᠭᠰᠡᠨ ᠲᠡᠦᠬᠡᠨ ᠶᠠᠪᠤᠴᠠ》᠂ 《ᠪᠤᠯᠪᠠᠰᠤᠨ ᠤ᠋ ᠦᠷ ᠤ᠋ᠨ ᠲᠤᠶᠠᠭ᠎ᠠ — ᠦᠪᠦᠷ ᠮᠤᠩᠭᠤᠯ ᠤᠷᠤᠨ ᠤ᠋ ᠪᠠᠯᠠᠷ ᠡᠷᠳᠡ ᠪᠠ ᠬᠦᠷᠡᠯ ᠪᠠᠭᠠᠵᠢ ᠵᠢᠨ ᠦᠶ᠎ᠡ ᠵᠢᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》᠂ 《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》᠂ ᠸᠠᠡᠭ ᠵᠸᠡᠭ ᠫᠢᠡᠭ᠎ᠤᠨ 《ᠠᠳᠤᠭᠤᠨ᠎ᠤ ᠰᠡᠳᠤᠪᠳᠤ ᠬᠡᠷᠡᠯ ᠵᠢᠷᠤᠭ᠎ᠤᠨ ᠦᠵᠡᠬᠦᠯᠭᠡ》᠂《〈ᠴᠠᠭ ᠦᠶ᠎ᠡ᠎ᠶ᠋ᠢᠨ ᠲᠦᠷᠢ ᠲᠥᠷᠬᠦ᠌ ᠵᠢ ᠪᠢᠴᠢᠭᠯᠡᠵᠤ·ᠳᠤᠮᠳᠠᠳᠤ ᠵᠢᠨ ᠦᠯᠢᠬᠡᠷ᠎ᠢ ᠰᠠᠢᠳᠤᠷ ᠶᠠᠷᠢᠶ᠎ᠠ〉ᠭᠤᠤᠯ ᠰᠡᠳᠤᠪᠳᠤ ᠤᠷᠠᠨ ᠵᠢᠷᠤᠭ᠎ᠤᠨ ᠪᠦᠲᠦᠭᠡᠯ᠎ᠦᠨ ᠦᠵᠡᠭᠦᠯᠭᠡ》᠂ 《ᠦᠵᠡᠯ ᠰᠠᠨᠠᠭ᠎ᠠ ᠪᠡᠷ ᠠᠶᠠᠨ ᠵᠠᠮ ᠵᠢᠡᠨ ᠬᠡᠢᠬᠦᠯᠦᠶ᠎ᠠ》 ᠭᠤᠤᠯ ᠰᠡᠳᠤᠪᠳᠤ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠬᠠᠳᠠᠭᠠᠯᠠᠮᠵᠢ ᠵᠢᠨ ᠪᠦᠳᠤᠭᠡᠯ᠎ᠤᠨ ᠦᠵᠡᠬᠦᠯᠭᠡ᠂ 《ᠲᠤᠳᠤᠭᠠᠳᠤ ᠭᠠᠳᠠᠭᠠᠳᠤ ᠵᠢᠨ ᠱᠢᠯᠢᠳᠡᠭ ᠺᠢᠨᠣ᠋ ᠵᠢᠨ ᠳᠡᠯᠭᠡᠨ ᠦᠵᠡᠬᠦᠯᠭᠡ》 ᠵᠡᠷᠭᠡ 7 ᠰᠢᠷᠢᠰ ᠦᠵᠡᠬᠦᠯᠭᠡ ᠵᠢᠨ ᠠᠵᠢᠯᠯᠠᠭ᠎ᠠ ᠡᠷᠬᠢᠯᠡᠨ᠂ ᠶᠡᠷᠦᠩᠬᠡᠶ ᠱᠦᠵᠢ ᠰᠢ ᠶ᠋ᠢᠨ ᠫᠢᠩ᠎ᠤᠨ ᠰᠣᠶᠣᠯ ᠤ᠋ᠨ ᠤᠯᠠᠮᠵᠢᠯᠠᠯ ᠬᠦᠭᠵᠢᠯᠲᠡ ᠵᠢᠨ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ ᠤ᠋ ᠵᠣᠷᠢᠭ ᠰᠠᠨᠠᠭ᠎ᠠ ᠶ᠋ᠢ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠭᠣᠣᠯ ᠱᠢᠵᠢᠮ ᠢ᠋ ᠪᠠᠷᠢᠮᠲᠠᠯᠠᠨ᠂ ᠬᠤᠪᠤᠷ ᠨᠠᠨᠳᠢᠨ ᠦᠨᠡᠨ ᠪᠤᠳᠠᠳᠠᠢ ᠲᠡᠦᠬᠡ ᠵᠢᠨ ᠳᠤᠷᠠᠰᠬᠠᠯᠲᠤ ᠵᠦᠢᠯᠡᠰ ᠵᠢᠡᠷ ᠲᠠᠮᠵᠢᠨ ᠦᠨᠳᠦᠰᠦᠲᠡᠨ ᠤ᠋ ᠪᠦᠯᠬᠦᠮᠳᠡᠯ ᠨᠢᠭᠲᠠᠷᠠᠯ ᠤ᠋ᠨ ᠬᠦᠴᠦᠨ ᠢ᠋ ᠤᠯᠠᠮ ᠴᠢᠩᠭᠠᠳᠬᠠᠬᠤ ᠶ᠋ᠢ ᠵᠤᠷᠢᠪᠠ᠃


ᠲᠤᠳᠤᠭᠠᠳᠤ ᠭᠠᠳᠠᠭᠠᠳᠤ ᠵᠢᠨ ᠱᠢᠯᠢᠳᠡᠭ ᠺᠢᠨᠣ᠋ ᠵᠢᠨ ᠳᠡᠯᠭᠡᠨ ᠦᠵᠡᠬᠦᠯᠭᠡ

ᠥᠪᠡᠷᠲᠡᠭᠡᠨ ᠵᠠᠰᠠᠬᠤ ᠣᠷᠣᠨ᠎ᠤ ᠺᠢᠨᠣ᠋᠎ᠶ᠋ᠢᠨ ᠲᠣᠪᠴᠢᠶ᠎ᠠ᠎ᠠᠴᠠ ᠭᠤᠤᠯᠯᠠᠨ ᠡᠷᠬᠢᠯᠡᠵᠤ ᠪᠠᠢᠭ᠎ᠠ 《ᠲᠤᠳᠤᠭᠠᠳᠤ ᠭᠠᠳᠠᠭᠠᠳᠤ ᠵᠢᠨ ᠱᠢᠯᠢᠳᠡᠭ ᠺᠢᠨᠣ᠋ ᠵᠢᠨ ᠳᠡᠯᠭᠡᠨ ᠦᠵᠡᠬᠦᠯᠭᠡ》 ᠵᠢᠨ ᠠᠵᠢᠯᠯᠠᠭ᠎ᠠ ᠨᠢ ᠡᠯ᠎ᠡ ᠺᠢᠨᠣ᠋ ᠤᠷᠳᠤᠨ ᠪᠠ ᠴᠡᠴᠡᠷᠯᠢᠭ᠂ ᠠᠭᠤᠳᠠᠮ ᠲᠠᠯᠠᠪᠠᠢ᠂ ᠨᠡᠢᠭᠡᠮ ᠲᠤᠭᠤᠷᠢᠭ ᠵᠡᠷᠭᠡ ᠭᠠᠵᠠᠷ ᠨᠡᠢᠲᠡ ᠵᠢᠨ ᠠᠰᠠᠷᠠᠮᠵᠢ ᠵᠢᠨ ᠴᠢᠨᠠᠷᠲᠠᠢ ᠪᠡᠷ ᠶᠠᠪᠤᠬᠳᠠᠵᠤ ᠪᠠᠢᠨ᠎ᠠ᠃ ᠭᠤᠤᠯᠳᠠᠭᠤ ᠨᠠᠮ᠎ᠤᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠠ ᠨᠠᠭᠠᠰᠢᠬᠢ ᠮᠠᠨ᠎ᠤ ᠣᠷᠣᠨ᠎ᠤ 《ᠳᠤᠮᠳᠠᠳᠤ ᠤᠯᠤᠰ᠎ᠤᠨ ᠺᠢᠨᠣ᠋᠎ᠶ᠋ᠢᠨ ᠬᠤᠸᠠ ᠪᠢᠶᠤᠤ ᠱᠠᠩᠨᠠᠯ》᠂ 《ᠳᠤᠮᠳᠠᠳᠤ ᠤᠯᠤᠰ᠎ᠤᠨ ᠺᠢᠨᠣ᠋᠎ᠶ᠋ᠢᠨ ᠠᠯᠲᠠᠨ ᠲᠠᠬᠢᠶ᠎ᠠ ᠱᠠᠩᠨᠠᠯ 》᠂ 《ᠣᠯᠠᠨ ᠨᠡᠢᠲᠡ᠎ᠶ᠋ᠢᠨ ᠺᠢᠨᠣ᠋᠎ᠶ᠋ᠢᠨ ᠥᠨᠢᠷ ᠴᠡᠴᠡᠭ ᠱᠠᠩᠨᠠᠯ》 ᠎ᠢ᠋ ᠲᠤᠰᠤᠬᠰᠠᠨ ᠪᠠ ᠱᠢᠶᠠᠩᠭᠠᠩ᠎ᠤᠨ ᠺᠢᠨᠣ᠋᠎ᠶ᠋ᠢᠨ ᠠᠯᠲᠠᠨ ᠬᠥᠷᠥᠭ ᠱᠠᠩᠨᠠᠯ ᠭᠥᠷᠳᠡᠭ᠌ᠰᠡᠡ 《ᠴᠠᠭᠳᠠᠭ᠎ᠠ ᠪᠤᠶᠠᠨ》᠂ 《ᠰᠦᠨ ᠳᠠᠯᠠᠢ ᠵᠢᠨ ᠰᠠᠴᠤᠯᠢ》᠂ 《ᠦᠵᠦᠮᠦᠴᠢᠨ ᠤ᠋ ᠬᠡᠦᠬᠡᠳ ᠤ᠋ᠳ》 ᠵᠡᠷᠭᠡ 6 ᠤᠷᠤᠨ ᠨᠤᠲᠤᠭ᠎ᠤᠨ ᠱᠢᠯᠢᠳᠡᠭ ᠺᠢᠨᠣ᠋᠂ 《ᠪᠢ ᠡᠬᠡ ᠤᠯᠤᠰ ᠲᠠᠢ ᠪᠡᠨ》᠂ 《ᠪᠢ ᠴᠢᠮ᠎ᠡ ᠳ᠋ᠤ ᠬᠠᠢᠷᠠᠲᠠᠢ》 ᠵᠡᠷᠭᠡ ᠤᠯᠤᠰ᠎ᠤᠨ ᠲᠤᠳᠤᠭᠠᠳᠤ ᠵᠢᠨ ᠦᠶ᠋ᠯᠡᠳᠪᠦᠷᠢᠯᠡᠭ᠌ᠰᠡᠨ 4 ᠱᠢᠯᠢᠳᠡᠭ ᠺᠢᠨᠣ᠋ ᠪᠠ 《ᠭᠠᠯᠵᠠᠭᠤ ᠬᠤᠷᠳᠤ 10》 ᠵᠡᠷᠭᠡ 4 ᠭᠠᠳᠠᠭᠠᠳᠤ᠎ᠶ᠋ᠢᠨ ᠱᠢᠯᠢᠳᠡᠭ ᠺᠢᠨᠣ᠋ ᠵᠢ ᠲᠡᠯᠭᠡᠨ ᠦᠵᠡᠬᠦᠯᠵᠦ ᠪᠤᠢ᠃

ᠡᠬᠦᠨ᠎ᠳᠤ ᠬᠦᠬᠡᠬᠤᠲᠠ ᠵᠢᠨ ᠺᠠᠢ ᠨᠦᠸᠸ ᠰᠢᠩ ᠺᠦᠩ ᠤᠯᠠᠨ ᠤᠯᠤᠰ ᠤ᠋ᠨ ᠺᠢᠨᠣ᠋ ᠤᠷᠳᠤᠨ ᠪᠠ ᠬᠦᠬᠡᠬᠤᠲᠠ ᠵᠢᠨ ᠸᠠ ᠳ᠋ᠠ ᠺᠢᠨᠣ᠋ ᠤᠷᠳᠤᠨ ᠳ᠋ᠡᠬᠢ ᠳᠡᠯᠭᠡᠨ ᠦᠵᠡᠭᠦᠯᠭᠡ ᠨᠢ 7 ᠰᠠᠷ᠎ᠠ ᠵᠢᠨ 8 ᠤ᠋ ᠡᠳᠦᠷ ᠡᠴᠡ 7 ᠰᠠᠷ᠎ᠠ ᠵᠢᠨ 14 ᠤ᠋ ᠡᠳᠦᠷ ᠪᠤᠯᠲᠠᠯ᠎ᠠ ᠦᠷᠭᠦᠯᠵᠢᠯᠡᠵᠤ᠂ ᠨᠡᠢᠲᠡ ᠵᠢᠨ ᠠᠰᠠᠷᠠᠮᠵᠢ ᠵᠢᠨ ᠴᠢᠨᠠᠷᠲᠠᠢ ᠳᠡᠯᠭᠡᠨ ᠦᠵᠡᠭᠦᠯᠭᠡ ᠨᠢ 7 ᠰᠠᠷ᠎ᠠ ᠵᠢᠨ 8 ᠤ᠋ ᠡᠳᠦᠷ ᠡᠴᠡ 8 ᠰᠠᠷ᠎ᠠ ᠵᠢᠨ 6 ᠤ᠋ ᠡᠳᠦᠷ ᠪᠤᠯᠲᠠᠯ᠎ᠠ ᠬᠦᠬᠡᠬᠤᠲᠠ ᠵᠢᠨ 10 ᠨᠡᠢᠭᠡᠮ ᠲᠤᠭᠤᠷᠢᠭ᠂ 15 ᠴᠡᠴᠡᠷᠯᠢᠭ ᠠᠭᠤᠳᠠᠮ ᠲᠠᠯᠠᠪᠠᠢ ᠪᠡᠷ ᠶᠠᠪᠤᠭᠳᠠᠬᠤ ᠵᠢᠨ ᠬᠠᠮᠲᠤ ᠪᠠᠰᠠ ᠪᠦᠬᠦ ᠤᠷᠤᠨ ᠤ᠋ ᠡᠯ᠎ᠠ ᠠᠢᠮᠠᠭ ᠬᠤᠲᠠ ᠵᠢᠨ ᠴᠡᠴᠡᠷᠯᠢᠭ᠂ ᠠᠭᠤᠳᠠᠮ ᠲᠠᠯᠠᠪᠠᠢ ᠵᠢᠴᠢ ᠨᠡᠢᠭᠡᠮ ᠲᠤᠭᠤᠷᠢᠭ ᠵᠢᠡᠷ ᠦᠨ᠎ᠡ ᠲᠦᠯᠦᠪᠦᠷᠢ ᠦᠭᠡᠢ ᠪᠡᠷ ᠳᠡᠯᠭᠡᠨ ᠦᠵᠡᠭᠦᠯᠬᠦ ᠪᠤᠯᠤᠨ᠎ᠠ᠃


QQ截图20230712092915.png


ᠸᠠᠡᠭ ᠵᠸᠡᠭ ᠫᠢᠡᠭ᠎ᠤᠨ 《ᠠᠳᠤᠭᠤᠨ᠎ᠤ ᠰᠡᠳᠤᠪᠳᠤ ᠬᠡᠷᠡᠯ ᠵᠢᠷᠤᠭ᠎ᠤᠨ ᠦᠵᠡᠬᠦᠯᠭᠡ》

ᠸᠠᠡᠭ ᠵᠸᠡᠭ ᠫᠢᠡᠭ᠎ᠤᠨ 《ᠠᠳᠤᠭᠤᠨ᠎ᠤ ᠰᠡᠳᠤᠪᠳᠤ ᠬᠡᠷᠡᠯ ᠵᠢᠷᠤᠭ᠎ᠤᠨ ᠦᠵᠡᠬᠦᠯᠭᠡ》 ᠎ᠳ᠋ᠤ ᠸᠠᠡᠭ ᠵᠸᠡᠭ ᠫᠢᠡᠭ᠎ᠤᠨ ᠵᠠᠭᠤ ᠰᠢᠬᠠᠮ ᠪᠤᠳᠤᠭ ᠦᠬᠡᠢ ᠬᠡᠷᠡᠯ ᠵᠢᠷᠤᠭ᠎ᠤᠨ ᠪᠦᠳᠤᠭᠡᠯ᠎ᠢ ᠲᠡᠯᠭᠡᠨ ᠦᠵᠡᠬᠦᠯᠵᠤ᠂ ᠡᠬᠦᠨ᠎ᠳᠤ 《ᠬᠠᠬᠢᠷ ᠬᠦᠢᠳᠡᠨ ᠡᠪᠤᠯ》 ᠬᠡᠬᠦ ᠬᠡᠷᠡᠯ᠎ᠵᠢᠷᠤᠭ᠎ᠤᠨ ᠪᠦᠳᠤᠭᠡᠯ᠎ᠳᠤ ᠮᠤᠡᠭᠭᠤᠯ ᠮᠤᠷᠢᠨ᠎ᠤ ᠬᠠᠬᠢᠷ ᠬᠦᠢᠳᠡᠨ ᠡᠪᠤᠯ᠎ᠤᠨ ᠬᠦᠢᠳᠡᠨ ᠡᠴᠡ ᠰᠦᠷᠳᠡᠰᠢ ᠦᠬᠡᠢ ᠡᠷᠡᠰ ᠪᠠᠳᠤ ᠵᠤᠷᠢᠭ ᠰᠠᠨᠠᠭ᠎ᠠ ᠵᠢ ᠢᠯᠡᠷᠡᠬᠦᠯᠵᠡᠢ᠃ ᠡᠬᠦᠨ ᠡᠴᠡ ᠪᠤᠰᠤᠳ ᠬᠡᠷᠡᠯ ᠵᠢᠷᠤᠭ᠎ᠤᠨ ᠪᠦᠳᠤᠭᠡᠯ᠎ᠳᠤ ᠮᠤᠡᠭᠭᠤᠯ ᠮᠤᠷᠢᠨ᠎ᠤ ᠲᠠᠯ ᠰᠡᠬᠦᠯ ᠡᠴᠡ ᠡᠬᠢᠯᠡᠭᠡᠳ ᠲᠠᠯ᠎ᠠ ᠨᠤᠳᠤᠭ ᠲᠠᠭᠠᠨ ᠡᠷᠡᠯᠭᠡᠭᠯᠡᠨ ᠲᠠᠪᠬᠢᠵᠤ ᠪᠠᠢᠭ᠎ᠠ ᠰᠡᠬᠦᠳᠡᠷ᠎ᠤᠳ ᠪᠤᠢ᠃ 2014 ᠤᠨ ᠡᠴᠡ ᠡᠬᠢᠯᠠᠨ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠤᠨ ᠺᠠᠳ᠋ᠷ ᠤᠯᠠᠨ ᠲᠦᠮᠡᠨ᠎ᠢ ᠠᠵᠢᠯ ᠬᠢᠵᠦ᠍ ᠦᠢᠯᠡᠰ ᠪᠤᠰᠭᠠᠬᠤ᠎ᠳᠠᠭᠠᠨ ᠮᠣᠩᠭᠣᠯ ᠮᠣᠷᠢ ᠱᠢᠭ᠋ ᠲᠡᠰᠪᠦᠷᠢ ᠬᠠᠲᠠᠭᠤᠵᠢᠯᠲᠠᠢ᠂ ᠴᠤᠴᠠᠯᠳᠠ ᠦᠬᠡᠢ ᠤᠷᠤᠬᠰᠢᠯᠠᠵᠤ᠂ ᠵᠤᠷᠢᠬᠰᠠᠨ᠎ᠳᠠᠭᠠᠨ ᠵᠠᠪᠠᠯ ᠬᠦᠷᠬᠦ 《ᠮᠣᠩᠭᠣᠯ ᠮᠣᠷᠢᠨ᠎ᠤ ᠵᠣᠷᠢᠭ ᠰᠠᠨᠠᠭ᠎ᠠ》 ᠲᠠᠢ ᠪᠠᠢᠬᠤ ᠬᠡᠷᠡᠭ᠌ᠲᠡᠢ ᠭᠡᠵᠦ᠍ ᠣᠯᠠᠨᠲᠠ ᠵᠣᠷᠢᠭ᠍ᠵᠢᠭᠤᠯᠪᠠ᠃ ᠡᠨᠡ ᠬᠦ᠌ ᠴᠠᠭ ᠮᠦᠴᠡ ᠡᠴᠡ ᠡᠬᠢᠯᠡᠵᠤ᠌ ᠸᠠᠩ ᠵᠧᠩ ᠫᠢᠩ ᠬᠡᠷᠡᠯ ᠵᠢᠷᠤᠭ᠎ᠤᠨ ᠮᠠᠰᠢᠨ ᠵᠢᠡᠨ ᠡᠬᠦᠷᠴᠤ᠂ ᠦᠪᠡᠷ᠎ᠤᠨ ᠬᠠᠮᠤᠭ᠎ᠤᠨ ᠲᠠᠨᠢᠯ ᠲᠠᠰᠤᠯ ᠪᠤᠯᠤᠬᠰᠠᠨ ᠲᠠᠯ᠎ᠠ ᠨᠤᠳᠤᠭ ᠲᠠᠭᠠᠨ ᠬᠦᠷᠴᠤ᠂ ᠮᠤᠡᠭᠭᠤᠯ ᠬᠦᠮᠤᠨ᠎ᠤ ᠬᠠᠮᠤᠭ᠎ᠤᠨ ᠲᠤᠳᠤᠨᠤ ᠬᠠᠨᠢ ᠪᠤᠯᠬᠤ ᠮᠤᠡᠭᠭᠤᠯ ᠮᠤᠷᠢ ᠵᠢ ᠰᠡᠬᠦᠳᠡᠷᠯᠡᠬᠦ ᠠᠶᠠᠨ ᠵᠢᠡᠨ ᠡᠬᠢᠯᠡᠬᠦᠯᠵᠡᠢ᠃ ᠡᠢᠮᠦ ᠡᠴᠡ ᠸᠠᠡᠭ ᠵᠸᠡᠭ ᠫᠢᠡᠭ᠎ᠤᠨ ᠬᠡᠷᠡᠯ ᠵᠢᠷᠤᠭ᠎ᠤᠨ ᠪᠦᠳᠤᠭᠡᠯ ᠪᠦᠷᠢ ᠡᠴᠡ ᠪᠢᠳᠡ ᠦᠪᠡᠷ᠎ᠤᠨ ᠡᠷᠭᠡ ᠦᠬᠡᠢ ᠮᠤᠡᠭᠭᠤᠯ ᠮᠤᠷᠢᠨ᠎ᠤ ᠵᠤᠷᠢᠭ ᠰᠠᠨᠠᠭ᠎ᠠ ᠪᠢᠯᠠᠬᠵᠤ ᠪᠠᠢᠬᠤ ᠵᠢ ᠤᠯᠵᠤ ᠮᠡᠳᠡᠷᠡᠨ᠎ᠠ᠃

ᠲᠤᠰ ᠦᠵᠡᠬᠦᠯᠭᠡ ᠨᠢ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠭᠤᠷᠪᠠᠳᠤᠭᠠᠷ ᠲᠦᠷᠪᠡᠳᠦᠭᠡᠷ ᠲᠡᠯᠭᠡᠨ ᠦᠵᠡᠬᠦᠯᠬᠦ ᠲᠢᠡᠭᠭᠢᠮ᠎ᠳᠤ ᠲᠡᠯᠭᠡᠭᠳᠡᠵᠤ ᠪᠤᠢ᠂ 7 ᠰᠠᠷ᠎ᠠ ᠵᠢᠨ 8 ᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠶᠠᠪᠤᠬᠳᠠᠨ᠎ᠠ᠃


QQ截图20230712092837.png

ᠪᠤᠯᠪᠠᠰᠤᠨ ᠤ᠋ ᠦᠷ ᠤ᠋ᠨ ᠲᠤᠶᠠᠭ᠎ᠠ — ᠦᠪᠦᠷ ᠮᠤᠩᠭᠤᠯ ᠤᠷᠤᠨ ᠤ᠋ ᠪᠠᠯᠠᠷ ᠡᠷᠳᠡ ᠪᠠ ᠬᠦᠷᠡᠯ ᠪᠠᠭᠠᠵᠢ ᠵᠢᠨ ᠦᠶ᠎ᠡ ᠵᠢᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ

《ᠪᠤᠯᠪᠠᠰᠤᠨ ᠤ᠋ ᠦᠦᠷ ᠤ᠋ᠨ ᠲᠤᠶᠠᠭ᠎ᠠ — ᠦᠪᠦᠷ ᠮᠤᠩᠭᠤᠯ ᠤᠷᠤᠨ ᠤ᠋ ᠪᠠᠯᠠᠷ ᠡᠷᠳᠡ ᠪᠠ ᠬᠦᠷᠡᠯ ᠪᠠᠭᠠᠵᠢ ᠵᠢᠨ ᠦᠶ᠎ᠡ ᠵᠢᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠨᠢ ᠡᠳᠦᠭᠡ ᠡᠴᠡ 50 ᠲᠦᠮᠡᠨ ᠵᠢᠯ ᠡᠴᠡ 3000 ᠵᠢᠯ ᠤ᠋ᠨ ᠡᠮᠤᠨᠡᠬᠢ ᠴᠢᠯᠠᠭᠤᠨ ᠵᠡᠪᠰᠡᠭ ᠤ᠋ᠨ ᠦᠶ᠎ᠡ ᠪᠤᠯᠤᠨ ᠬᠦᠷᠡᠯ ᠵᠡᠪᠰᠡᠭ ᠤ᠋ᠨ ᠦᠶ᠎ᠡ ᠵᠢᠨ ᠨᠡᠢᠭᠡᠮ ᠠᠮᠢᠳᠤᠷᠠᠯ᠎ᠤᠨ ᠪᠤᠳᠠᠳᠤ ᠪᠠᠢᠳᠠᠯ᠎ᠢ ᠲᠡᠦᠭᠡᠨ ᠲᠤᠷᠠᠰᠬᠠᠯᠳᠤ ᠵᠦᠢᠯᠡᠰ ᠵᠢᠡᠷ ᠲᠡᠯᠭᠡᠨ ᠬᠠᠷᠠᠭᠤᠯᠵᠠᠢ᠃

ᠦᠵᠡᠭᠦᠯᠭᠡ ᠵᠢᠨ ᠲᠢᠩᠬᠢᠮ ᠨᠢ 1200 ᠲᠡᠭᠰᠢ ᠳᠦᠷᠪᠡᠯᠵᠢᠨ ᠮᠸᠲᠷ ᠲᠠᠯᠠᠪᠠᠢ ᠵᠢ ᠡᠵᠡᠯᠡᠵᠤ᠂ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠂ ᠱᠢᠨ᠎ᠡ ᠴᠢᠯᠠᠭᠤᠨ ᠵᠡᠪᠰᠡᠭ᠎ᠦᠨ ᠦᠶ᠎ᠡ ᠪᠠ ᠬᠦᠷᠡᠯ ᠵᠡᠪᠰᠡᠭ᠎ᠦᠨ ᠦᠶ᠎ᠡ᠎ᠶ᠋ᠢᠨ ᠡᠷᠲᠡᠨ᠎ᠦ ᠬᠠᠭᠤᠴᠢ ᠰᠤᠳᠤᠯᠤᠯ᠎ᠤᠨ ᠰᠣᠶᠣᠯ ᠭᠡᠬᠦ᠌ ᠭᠤᠷᠪᠠᠨ ᠲᠣᠮᠣ ᠬᠡᠰᠡᠭ ᠵᠢᠡᠷ ᠪᠦᠷᠢᠯᠳᠤᠵᠤ᠂ ᠮᠠᠨ ᠤ᠋ ᠤᠷᠤᠨ ᠤ᠋ 60 ᠵᠢᠯ᠎ᠦᠨ ᠲᠤᠷᠰᠢ ᠮᠠᠯᠲᠠᠵᠤ ᠭᠠᠷᠭᠠᠭ᠍ᠰᠠᠨ ᠲᠥᠯᠥᠭᠡᠯᠡᠬᠦ᠌ ᠴᠢᠨᠠᠷᠲᠠᠶ ᠬᠤᠪᠤᠷ ᠨᠠᠨᠳᠢᠨ ᠲᠡᠦᠬᠡ ᠎ᠶ᠋ᠢᠨ ᠳᠤᠷᠠᠰᠭᠠᠯᠲᠤ ᠵᠦᠢᠯ ᠪᠣᠯᠤᠨ ᠬᠣᠯᠪᠣᠭ᠍ᠳᠠᠯ ᠪᠦᠬᠦᠢ ᠬᠠᠭᠤᠴᠢ ᠰᠤᠳᠤᠯᠤᠯ᠎ᠤᠨ ᠦᠷ᠎ᠡ ᠪᠦᠲᠦᠭᠡᠯ᠎ᠢᠶᠡᠷ ᠰᠠᠭᠤᠷᠢ ᠪᠤᠯᠭᠠᠨ᠂ ᠴᠢᠯᠠᠭᠤᠨ ᠵᠡᠪᠰᠡᠭ᠎ᠦᠨ ᠴᠠᠭ ᠦᠶ᠎ᠡ ᠪᠣᠯᠤᠨ ᠬᠦᠷᠡᠯ ᠵᠡᠪᠰᠡᠭ᠎ᠦᠨ ᠴᠠᠭ ᠦᠶ᠎ᠡ ᠎ᠶ᠋ᠢᠨ ᠳᠤᠮᠳᠠᠳᠤ ᠎ᠶ᠋ᠢᠨ ᠪᠣᠯᠪᠠᠰᠤᠨ᠎ᠤ ᠡᠭᠦᠰᠦᠯ᠎ᠦᠨ ᠶᠠᠪᠤᠴᠠ᠎ᠳᠠᠬᠢ ᠴᠢᠬᠤᠯᠠ ᠦᠢᠯᠡᠳᠦᠯ ᠢ᠋ ᠤᠯᠠᠨ ᠨᠡᠢᠲᠡ ᠳ᠋ᠤ ᠨᠡᠩ ᠳᠦᠭᠦᠮ ᠤᠢᠯᠠᠭᠠᠮᠵᠢᠲᠠᠢ ᠪᠡᠷ ᠠᠳᠠᠯᠢ ᠪᠤᠰᠤ ᠦᠨᠴᠦᠭ ᠬᠠᠷᠠᠭᠠᠰᠤ ᠡᠴᠡ ᠬᠠᠷᠠᠭᠤᠯᠬᠤ ᠶ᠋ᠢ ᠵᠤᠷᠢᠪᠠ᠃

ᠲᠤᠰ ᠦᠵᠡᠬᠦᠯᠭᠡ ᠨᠢ 7 ᠰᠠᠷ᠎ᠠ ᠵᠢᠨ 8᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠦᠪᠤᠷ ᠮᠤᠡᠭᠭᠤᠯ᠎ᠤᠨ ᠮᠦᠽᠸᠢ ᠵᠢᠨ ᠲᠦᠷᠪᠡᠳᠤᠭᠡᠷ ᠲᠠᠪᠬᠤᠷᠯᠢᠭ ᠲᠸ᠋ ᠶᠠᠪᠤᠬᠳᠠᠨ᠎ᠠ᠃


《ᠦᠵᠡᠯ ᠰᠠᠨᠠᠭ᠎ᠠ ᠪᠡᠷ ᠠᠶᠠᠨ ᠵᠠᠮ ᠵᠢᠡᠨ ᠬᠡᠢᠬᠦᠯᠤᠶ᠎ᠠ》 ᠭᠤᠤᠯ ᠰᠡᠳᠤᠪᠳᠤ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠬᠠᠳᠠᠭᠠᠯᠠᠮᠵᠢ ᠵᠢᠨ ᠪᠦᠳᠤᠭᠡᠯ᠎ᠤᠨ ᠦᠵᠡᠬᠦᠯᠭᠡ

《ᠦᠵᠡᠯ ᠰᠠᠨᠠᠭ᠎ᠠ ᠪᠡᠷ ᠠᠶᠠᠨ ᠵᠠᠮ ᠵᠢᠡᠨ ᠬᠡᠢᠬᠦᠯᠤᠶ᠎ᠠ》 ᠭᠤᠤᠯ ᠰᠡᠳᠤᠪᠳᠤ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠬᠠᠳᠠᠭᠠᠯᠠᠮᠵᠢ ᠵᠢᠨ ᠪᠦᠳᠤᠭᠡᠯ᠎ᠤᠨ ᠦᠵᠡᠬᠦᠯᠭᠡ᠎ᠳᠤ ᠥᠪᠥᠷ ᠮᠣᠩᠭᠣᠯ᠎ᠤᠨ ᠬᠥᠭ᠌ᠵᠢᠯᠲᠡ᠎ᠶ᠋ᠢᠨ ᠪᠠᠢᠳᠠᠯ᠂ ᠪᠠᠢᠭᠠᠯᠢ᠎ᠶ᠋ᠢᠨ ᠭᠤᠤ᠎ᠠ ᠰᠠᠢᠬᠠᠨ᠂ ᠬᠥᠮᠦᠨ ᠨᠡᠢᠭᠡᠮ᠎ᠦᠨ ᠬᠥᠭ ᠠᠶᠠᠰ᠎ᠢᠶᠠᠷ ᠰᠢᠵᠢᠮ ᠪᠣᠯᠭᠠᠵᠤ᠂ ᠱᠢᠨ᠎ᠡ ᠠᠶᠠᠨ ᠵᠠᠮ᠎ᠳᠠᠬᠢ ᠥᠪᠥᠷ ᠮᠣᠩᠭᠣᠯ᠎ᠤᠨ ᠤᠷᠠᠨ ᠵᠢᠷᠤᠭ᠎ᠤᠨ ᠭᠦᠨ ᠵᠤᠵᠠᠭᠠᠨ ᠣᠶᠤᠨ ᠰᠠᠨᠠᠭᠠᠨ᠎ᠤ ᠬᠥᠭ ᠠᠶᠠᠰ᠎ᠢ ᠢᠯᠡᠷᠡᠭᠦᠯᠦᠭᠰᠡᠨ ᠪᠠᠢᠨ᠎ᠠ᠃ ᠲᠤᠰ ᠦᠵᠡᠬᠦᠯᠭᠡ ᠵᠢᠨ ᠲᠢᠡᠭᠭᠢᠮ᠎ᠳᠤ ᠬᠦᠷᠪᠡᠯ ᠡᠡᠭ ᠲᠡᠷᠢᠬᠦᠨ᠎ᠳᠤ ᠤᠷᠠᠨ ᠵᠢᠷᠤᠬᠴᠢᠨ ᠶᠠᠡᠭ ᠹᠸᠢ ᠶᠦᠨ᠎ᠤ ᠵᠢᠷᠤᠬᠰᠠᠨ 《ᠲᠦᠬᠦᠢᠮ᠎ᠠ ᠡᠵᠢ》 ᠬᠡᠬᠦ ᠲᠤᠰᠤᠨ ᠪᠤᠳᠤᠭ᠎ᠤᠨ ᠵᠢᠷᠤᠭ ᠬᠠᠷᠠᠭᠠᠨ᠎ᠳᠤ ᠴᠢᠨᠢ ᠲᠤᠳᠤᠷᠠᠨ᠎ᠠ᠂ ᠲᠦᠬᠦᠢᠮ᠎ᠠ ᠡᠵᠢ ᠪᠤᠯ ᠶᠡᠷᠤᠡᠭᠭᠡᠢ ᠱᠦᠵᠢ ᠰᠢ ᠵᠢᠨ ᠫᠢᠡᠭ᠎ᠤᠨ ᠭᠠᠷ ᠡᠴᠡ 《ᠠᠷᠠᠳ᠎ᠤᠨ ᠵᠢᠱ᠌ᠢᠶᠠᠴᠢ》 ᠵᠢᠨ ᠢᠷᠠᠭᠤ ᠠᠯᠳᠠᠷ᠎ᠢ ᠲᠤᠰᠤᠬᠰᠠᠨ ᠡᠭᠡ ᠲᠡᠯᠡᠭᠡᠢ ᠵᠢ ᠬᠠᠢᠷ᠎ᠠ ᠪᠡᠷ ᠤᠶᠠᠰᠬᠠᠬᠰᠠᠨ ᠦᠷᠤᠪᠴᠢᠭᠡᠨ ᠰᠡᠳᠬᠢᠯᠳᠤ ᠮᠤᠡᠭᠭᠤᠯ ᠡᠵᠢ ᠶᠤᠮ᠃ ᠲᠤᠰ ᠲᠤᠰᠤᠨ ᠪᠤᠳᠤᠭ᠎ᠤᠨ ᠵᠢᠷᠤᠭ ᠨᠢ ᠶᠠᠭ ᠡᠨᠡ ᠬᠦ᠌ ᠡᠨᠡᠷᠢᠯᠳᠤ ᠡᠵᠢ ᠵᠢᠨ ᠦᠯᠢᠭᠡᠷ ᠵᠢᠡᠷ ᠭᠤᠤᠯ ᠲᠦᠷᠢ ᠪᠡᠨ ᠪᠤᠯᠭᠠᠵᠤ ᠵᠤᠬᠢᠶᠠᠨ ᠪᠦᠳᠤᠭᠡᠭᠰᠡᠨ ᠬᠠᠳᠠᠭᠠᠯᠠᠮᠵᠢ ᠵᠢᠨ ᠪᠦᠳᠤᠭᠡᠯ ᠪᠤᠯᠤᠨ᠎ᠠ᠃

ᠲᠤᠰ ᠦᠵᠡᠬᠦᠯᠭᠡ ᠨᠢ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠳᠤ ᠲᠤᠱᠢᠶᠠᠭ᠍ᠰᠠᠨ ᠲᠠᠪᠤᠨ ᠶᠡᠬᠡ ᠡᠭᠦᠷᠭᠡ ᠪᠣᠯᠤᠨ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠎ᠢ᠋ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠬᠣᠶᠠᠷ ᠶᠡᠬᠡ ᠶᠠᠪᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠥᠪᠥᠷ ᠮᠣᠩᠭᠣᠯ᠎ᠤᠨ ᠬᠥᠭ᠌ᠵᠢᠯᠲᠡ᠎ᠶ᠋ᠢᠨ ᠪᠠᠢᠳᠠᠯ᠂ ᠪᠠᠢᠭᠠᠯᠢ᠎ᠶ᠋ᠢᠨ ᠭᠤᠤ᠎ᠠ ᠰᠠᠢᠬᠠᠨ᠂ ᠰᠣᠶᠣᠯ ᠢᠷᠭᠡᠨᠱᠢᠯ᠎ᠦᠨ ᠢᠷᠠᠭᠤ ᠰᠠᠢᠬᠠᠨ᠎ᠢ ᠢᠯᠡᠷᠡᠭᠦᠯᠦᠭ᠌ᠰᠡᠨ ᠨᠢᠭᠡ ᠪᠦᠯᠦᠭ ᠤᠷᠠᠨ ᠵᠢᠷᠤᠭ᠎ᠤᠨ ᠣᠷᠳᠣᠨ᠎ᠤ ᠬᠠᠳᠠᠭᠠᠯᠠᠯᠲᠠ᠎ᠶ᠋ᠢᠨ ᠰᠣᠳᠣᠨ ᠪᠦᠲᠦᠭᠡᠯ᠎ᠢ ᠰᠣᠩᠭᠣᠨ ᠭᠠᠷᠭᠠᠵᠤ᠂ ᠬᠡᠰᠡᠭ ᠪᠦᠲᠦᠭᠡᠯ᠎ᠢ ᠤᠷᠠᠨ ᠵᠢᠷᠤᠭ᠎ᠤᠨ ᠣᠷᠳᠣᠨ᠎ᠳᠤ ᠬᠠᠳᠠᠭᠠᠯᠠᠯᠲᠠ ᠬᠢᠭᠰᠡᠨ ᠎ᠤ᠋ ᠳᠠᠷᠠᠭ᠎ᠠ ᠠᠩᠬ᠎ᠠ ᠤᠳᠠᠭ᠎ᠠ ᠳᠡᠯᠭᠡᠨ ᠦᠵᠡᠭᠦᠯᠵᠤ ᠪᠠᠢᠭ᠎ᠠ ᠶᠤᠮ᠃

ᠲᠤᠰ ᠦᠵᠡᠬᠦᠯᠭᠡ ᠨᠢ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠲᠠᠪᠤᠳᠤᠭᠠᠷ ᠵᠢᠷᠭᠤᠳᠤᠭᠠᠷ ᠲᠡᠯᠭᠡᠨ ᠦᠵᠡᠬᠦᠯᠬᠦ ᠲᠢᠡᠭᠭᠢᠮ᠎ᠳᠤ ᠲᠡᠯᠭᠡᠭᠳᠡᠵᠤ ᠪᠤᠢ᠂ 7 ᠰᠠᠷ᠎ᠠ ᠵᠢᠨ 8 ᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠶᠠᠪᠤᠬᠳᠠᠨ᠎ᠠ᠃


QQ截图20230712092854.png

《ᠴᠠᠭ ᠦᠶ᠎ᠡ᠎ᠶ᠋ᠢᠨ ᠲᠦᠷᠢ ᠲᠥᠷᠬᠦ᠌ ᠵᠢ ᠪᠢᠴᠢᠭᠯᠡᠵᠤ · ᠳᠤᠮᠳᠠᠳᠤ ᠵᠢᠨ ᠦᠯᠢᠬᠡᠷ᠎ᠢ ᠰᠠᠢᠳᠤᠷ ᠶᠠᠷᠢᠶ᠎ᠠ》ᠭᠤᠤᠯ ᠰᠡᠳᠤᠪᠳᠤ ᠤᠷᠠᠨ ᠵᠢᠷᠤᠭ᠎ᠤᠨ ᠪᠦᠲᠦᠭᠡᠯ᠎ᠦᠨ ᠦᠵᠡᠭᠦᠯᠭᠡ

《ᠴᠠᠭ ᠦᠶ᠎ᠡ᠎ᠶ᠋ᠢᠨ ᠲᠦᠷᠢ ᠲᠥᠷᠬᠦ᠌ ᠵᠢ ᠪᠢᠴᠢᠭᠯᠡᠵᠤ· ᠳᠤᠮᠳᠠᠳᠤ ᠵᠢᠨ ᠦᠯᠢᠬᠡᠷ᠎ᠢ ᠰᠠᠢᠳᠤᠷ ᠶᠠᠷᠢᠶ᠎ᠠ》 ᠭᠤᠤᠯ ᠰᠡᠳᠤᠪᠳᠤ ᠤᠷᠠᠨ ᠵᠢᠷᠤᠭ᠎ᠤᠨ ᠪᠦᠲᠦᠭᠡᠯ᠎ᠦᠨ ᠦᠵᠡᠭᠦᠯᠭᠡ ᠨᠢ ᠤᠷᠠᠨ ᠪᠦᠳᠤᠭᠡᠯ ᠵᠢᠡᠷ ᠴᠠᠭ ᠦᠶ᠎ᠡ᠎ᠶ᠋ᠢᠨ ᠢᠷᠠᠭᠤ ᠬᠠᠭᠤᠳᠠᠰᠤ᠎ᠶ᠋ᠢ ᠪᠢᠴᠢᠭ᠌ᠯᠡᠵᠦ᠍᠂ ᠪᠣᠰᠣᠭ᠎ᠠ ᠴᠣᠭ᠍ᠴᠠᠲᠤ ᠬᠡᠯᠪᠡᠷᠢ᠎ᠪᠡᠷ ᠱᠢᠨ᠎ᠡ ᠴᠠᠭ ᠦᠶ᠎ᠡ᠎ᠶ᠋ᠢᠨ ᠥᠪᠥᠷ ᠮᠣᠩᠭᠣᠯ᠎ᠤᠨ ᠤᠷᠠᠨ ᠵᠢᠷᠤᠭ᠎ᠤᠨ ᠵᠣᠬᠢᠶᠠᠨ ᠪᠦᠲᠦᠭᠡᠯᠭᠡ᠎ᠶ᠋ᠢᠨ ᠡᠯᠪᠡᠭ ᠪᠠᠶᠠᠯᠢᠭ ᠦᠷ᠎ᠡ ᠪᠦᠲᠦᠭᠡᠯ ᠪᠣᠯᠤᠨ ᠥᠷᠭᠡᠨ ᠤᠯᠠᠨ ᠤᠷᠠᠨ ᠵᠢᠷᠤᠭ᠎ᠤᠨ ᠠᠵᠢᠯᠳᠠᠨ᠎ᠤ ᠥᠪᠡᠷᠲᠡᠭᠡᠨ ᠵᠠᠰᠠᠬᠤ ᠣᠷᠣᠨ᠎ᠤ 《ᠬᠣᠶᠠᠷ ᠶᠡᠬᠡ ᠶᠠᠪᠤᠳᠠᠯ》 ᠎ᠢ᠋ ᠰᠠᠢᠲᠤᠷ ᠬᠢᠬᠦ᠌ ᠲᠤᠬᠠᠢ ᠭᠦᠨᠵᠡᠭᠡᠢ ᠣᠢᠯᠠᠭᠠᠯᠲᠠ᠎ᠶ᠋ᠢ ᠳᠡᠯᠭᠡᠨ ᠦᠵᠡᠭᠦᠯᠵᠡᠢ᠃ ᠡᠬᠦᠨ᠎ᠳᠤ ᠥᠪᠥᠷ ᠮᠣᠩᠭᠣᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠎ᠶ᠋ᠢᠨ ᠠᠵᠢᠯ᠎ᠠᠴᠠ᠎ᠪᠠᠨ ᠠᠮᠠᠷᠠᠭ᠍ᠰᠠᠨ ᠪᠠᠭ᠍ᠰᠢ ᠯᠢᠶᠠᠩ ᠱᠢᠤᠢ᠎ᠶ᠋ᠢᠨ ᠲᠤᠰᠤᠨ ᠪᠤᠳᠤᠭ᠎ᠤᠨ ᠵᠢᠷᠤᠭ᠎ᠤᠨ ᠪᠦᠲᠦᠭᠡᠯ 《ᠡᠯᠡᠰᠦ᠎ᠶ᠋ᠢ ᠵᠠᠰᠠᠭ᠍ᠰᠠᠨ ᠪᠠᠭᠠᠲᠤᠷ》 ᠨᠢ ᠦᠦᠱᠢᠨ ᠬᠣᠱᠢᠭᠤᠨ᠎ᠤ ᠮᠠᠯᠴᠢᠨ ᠤᠳᠤ᠎ᠪᠠᠷ ᠭᠣᠣᠯ ᠪᠠᠭᠠᠲᠤᠷ ᠪᠣᠯᠭᠠᠵᠤ᠂ ᠤᠷᠠᠨ ᠨᠠᠷᠢᠯᠢᠭ ᠵᠢᠷᠤᠯᠭ᠎ᠠ᠎ᠪᠠᠷ᠎ᠢᠶᠠᠨ ᠤᠳᠦ᠍᠎ᠶ᠋ᠢᠨ ᠡᠯᠡᠰᠦᠷᠬᠡᠭ᠌ᠵᠢᠯ᠎ᠢ ᠰᠡᠷᠭᠡᠢᠯᠡᠨ ᠵᠠᠰᠠᠭ᠍ᠰᠠᠨ ᠭᠤᠴᠢᠨ ᠵᠢᠯ᠎ᠦᠨ ᠬᠠᠳᠠᠨ ᠵᠣᠷᠢᠭ᠎ᠢ ᠢᠯᠡᠷᠡᠭᠦᠯᠪᠡ᠃

ᠲᠤᠰ ᠤᠳᠠᠭᠠᠨ᠎ᠤ ᠦᠵᠡᠬᠦᠯᠭᠡ᠎ᠳᠤ ᠪᠥᠬᠥ᠌ ᠣᠷᠣᠨ᠎ᠤ ᠡᠯ᠎ᠡ ᠠᠢᠮᠠᠭ ᠬᠣᠲᠠ ᠵᠢᠴᠢ ᠪᠥᠬᠥ᠌ ᠤᠯᠤᠰ᠎ᠤᠨ ᠬᠡᠰᠡᠭ ᠮᠤᠵᠢ ᠬᠣᠲᠠ ᠣᠷᠣᠨ᠎ᠤ ᠮᠢᠩᠭ᠎ᠠ ᠱᠢᠬᠠᠮ ᠡᠯ᠎ᠡ ᠲᠥᠷᠥᠯ᠎ᠦᠨ ᠤᠷᠠᠨ ᠵᠢᠷᠤᠭ᠎ᠤᠨ ᠪᠦᠲᠦᠭᠡᠯ᠎ᠦᠨ ᠡᠬᠡ ᠪᠢᠴᠢᠭ᠎ᠢ ᠬᠣᠷᠢᠶᠠᠨ ᠣᠯᠵᠤ᠂ ᠴᠢᠩᠭ᠎ᠠ ᠨᠢᠮᠪᠠᠶ ᠱᠢᠯᠭᠠᠷᠠᠭᠤᠯᠤᠯᠲᠠ᠎ᠪᠠᠷ ᠳᠡᠮᠵᠢᠨ᠂ ᠬᠢᠲᠠᠳ ᠵᠢᠷᠤᠭ᠂ ᠲᠣᠰᠣᠨ ᠪᠤᠳᠤᠭ᠎ᠤᠨ ᠵᠢᠷᠤᠭ᠂ ᠪᠠᠷ ᠵᠢᠷᠤᠭ᠂ ᠤᠰᠤᠨ ᠪᠤᠳᠤᠭ᠎ᠤᠨ ᠵᠢᠷᠤᠭ᠂ ᠱᠤᠭᠤᠮᠠᠯ᠂ ᠶᠡᠷᠦᠩᠬᠡᠢᠯᠡᠭ᠌ᠰᠡᠨ ᠮᠠᠲ᠋ᠧᠷᠢᠶᠠᠯ᠎ᠤᠨ ᠵᠢᠷᠤᠭ ᠵᠡᠷᠭᠡ 6 ᠶᠡᠬᠡ ᠲᠥᠷᠥᠯ᠎ᠦᠨ 300 ᠭᠠᠷᠤᠶ ᠤᠷᠠᠨ ᠵᠢᠷᠤᠭ᠎ᠤᠨ ᠪᠦᠲᠦᠭᠡᠯ᠎ᠢ ᠰᠤᠩᠭᠤᠨ ᠲᠡᠯᠭᠡᠨ ᠦᠵᠡᠬᠦᠯᠪᠡ᠃

ᠲᠤᠰ ᠦᠵᠡᠬᠦᠯᠭᠡ ᠨᠢ ᠦᠪᠤᠷ ᠮᠤᠡᠭᠭᠤᠯ᠎ᠤᠨ ᠤᠷᠠᠨ ᠵᠢᠷᠤᠭ᠎ᠤᠨ ᠤᠷᠳᠤᠨ᠎ᠤ ᠲᠤᠯᠤᠭ᠎ᠠ ᠨᠢ᠋ᠮᠠᠳᠤᠭᠠᠷ ᠲᠡᠯᠭᠡᠨ ᠦᠵᠡᠬᠦᠯᠬᠦ ᠲᠢᠡᠭᠭᠢᠮ᠎ᠳᠤ ᠲᠡᠯᠭᠡᠭᠳᠡᠵᠤ ᠪᠤᠢ᠂ 7 ᠰᠠᠷ᠎ᠠ ᠵᠢᠨ 8 ᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠶᠠᠪᠤᠬᠳᠠᠨ᠎ᠠ᠃


《ᠠᠭᠤᠰᠤᠯᠴᠠᠯ ᠢᠳᠡᠭᠡᠰᠢᠯ ᠤ᠋ᠨ ᠵᠠᠮ — ᠲᠤᠪᠠ ᠰᠢᠶᠠᠨᠪᠢ ᠵᠢᠨ ᠨᠡᠭᠦᠳᠡᠯᠯᠡᠭᠰᠡᠨ ᠪᠠ ᠬᠦᠭᠵᠢᠭᠰᠡᠨ ᠲᠡᠦᠬᠡᠨ ᠶᠠᠪᠤᠴᠠ》 ᠲᠡᠯᠭᠡᠨ ᠦᠵᠡᠭᠦᠯᠭᠡ

ᠭᠤᠷᠪᠠᠨ ᠲᠤᠮᠤ ᠪᠦᠯᠦᠭ᠂ 10 ᠵᠢᠵᠢᠭ ᠬᠡᠰᠡᠭ ᠡᠴᠡ ᠪᠦᠷᠢᠯᠳᠤᠵᠤ᠂ ᠨᠡᠢᠲᠡ 285 ᠲᠦᠯᠦᠭᠡᠯᠡᠭᠴᠢ ᠴᠢᠨᠠᠷᠲᠠᠢ ᠱᠢᠯᠢᠳᠡᠭ ᠲᠡᠦᠬᠡ ᠰᠣᠶᠣᠯ᠎ᠤᠨ ᠳᠤᠷᠠᠰᠭᠠᠯᠲᠤ ᠵᠦᠢᠯᠡᠰ᠎ᠢ ᠳᠡᠯᠭᠡᠨ ᠦᠵᠡᠭᠦᠯᠵᠤ᠂ ᠡᠭᠦᠨ᠎ᠳᠦ ᠨᠢᠭᠡᠳᠦᠭᠡᠷ ᠳᠡᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯ 36 ᠪᠠᠭᠲᠠᠵᠤ ᠪᠤᠢ᠃ ᠡᠳᠡᠭᠡᠷ ᠬᠤᠪᠤᠷ ᠨᠠᠨᠳᠢᠨ ᠲᠡᠦᠬᠡᠨ ᠳᠤᠷᠠᠰᠬᠠᠯᠲᠤ ᠵᠦᠢᠯᠡᠰ ᠨᠢ ᠸᠧᠶ ᠤᠯᠤᠰ᠂ ᠠᠯᠳᠠᠨ ᠤᠯᠤᠰ᠂ ᠡᠮᠦᠨᠡᠲᠦ ᠤᠮᠠᠷᠠᠲᠤ ᠲᠥᠷᠥ᠎ᠶ᠋ᠢᠨ ᠦᠶ᠎ᠡ᠎ᠶ᠋ᠢᠨ ᠲᠣᠪᠠ ᠱᠢᠶᠡᠨᠪᠢ ᠵᠡᠷᠭᠡ ᠤᠮᠠᠷᠠᠲᠤ᠎ᠶ᠋ᠢᠨ ᠡᠯ᠎ᠡ ᠦᠨᠳᠦᠰᠦᠲᠡᠨ ᠪᠣᠯᠤᠨ ᠵᠦᠩᠶᠤᠸᠠᠨ ᠣᠷᠣᠨ᠎ᠤ ᠦᠨᠳᠦᠰᠦᠲᠡᠨ᠎ᠦ ᠢᠳᠡᠵᠦ᠍ ᠡᠮᠦᠰᠭᠦ ᠶᠠᠪᠤᠵᠤ ᠰᠠᠭᠤᠬᠤ᠂ ᠰᠣᠶᠣᠯ ᠤᠷᠠᠯᠢᠭ᠂ ᠱᠠᠱᠢᠨ ᠱᠢᠲᠦᠯᠭᠡ ᠵᠡᠷᠭᠡ ᠲᠠᠯ᠎ᠠ᠎ᠪᠠᠷ ᠬᠢ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠭᠦᠢᠴᠡᠳ ᠬᠠᠷᠠᠭᠤᠯᠵᠠᠢ᠃ ᠲᠤᠰ ᠦᠵᠡᠬᠦᠯᠭᠡ ᠨᠢ ᠤᠮᠠᠷᠠᠳᠤ ᠵᠢᠨ ᠴᠦᠬᠡᠨ ᠲᠤᠭᠠᠳᠤ ᠦᠨᠳᠤᠰᠤᠳᠡᠨ᠎ᠤ ᠨᠡᠭᠦᠳᠡᠯ ᠮᠠᠯᠵᠢᠯ᠎ᠤᠨ ᠰᠣᠶᠣᠯ ᠪᠣᠯᠤᠨ ᠲᠠᠷᠢᠶᠠᠯᠠᠬᠤ ᠰᠣᠶᠣᠯ᠎ᠤᠨ ᠪᠦᠬᠦ᠌ ᠲᠠᠯ᠎ᠠ᠎ᠪᠠᠷ ᠠᠭᠤᠰᠤᠯᠴᠠᠭ᠍ᠰᠠᠨ ᠲᠡᠦᠬᠡ ᠪᠡᠷ ᠲᠤᠭᠤᠷᠢᠨ ᠦᠵᠡᠭ᠌ᠴᠢᠳ᠎ᠦᠨ ᠳᠤᠮᠳᠠᠳᠤ᠎ᠶ᠋ᠢᠨ ᠪᠣᠯᠪᠠᠰᠤᠨ᠎ᠤ ᠲᠥᠪᠯᠡᠩᠭᠦᠢ ᠬᠦᠴᠦᠨ ᠵᠢᠴᠢ ᠤᠯᠠᠨ ᠡᠰᠢᠵᠢᠭᠰᠡᠨ ᠨᠢᠭᠡ ᠴᠤᠭᠴᠠᠲᠤ ᠪᠣᠯᠪᠠᠰᠤᠨ᠎ᠤ ᠲᠤᠬᠠᠢ ᠲᠠᠨᠢᠯᠲᠠ᠎ᠶ᠋ᠢ ᠤᠯᠠᠮ ᠨᠢᠭᠡ ᠠᠯᠬᠤᠮ ᠬᠦᠨᠵᠡᠭᠡᠢᠷᠡᠬᠦᠯᠪᠡ᠃

ᠲᠤᠰ ᠦᠵᠡᠬᠦᠯᠭᠡ ᠨᠢ 7 ᠰᠠᠷ᠎ᠠ ᠵᠢᠨ 8᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠦᠪᠤᠷ ᠮᠤᠡᠭᠭᠤᠯ᠎ᠤᠨ ᠮᠦᠽᠸᠢ ᠵᠢᠨ ᠬᠤᠶᠠᠳᠤᠭᠠᠷ ᠲᠠᠪᠬᠤᠷᠯᠢᠭ ᠲᠸ᠋ ᠶᠠᠪᠤᠬᠳᠠᠨ᠎ᠠ᠃


ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ

ᠠᠷᠢᠶᠠᠲᠠᠨ ᠰᠡᠢᠯᠦᠭᠰᠡᠨ ᠰᠢᠯ ᠪᠤᠳᠤᠭᠲᠤ ᠱᠠᠭᠠᠵᠠᠩ ᠳᠡᠷ᠎ᠡ᠂ ᠠᠮᠢᠲᠠᠨ ᠤ᠋ ᠳᠦᠷᠰᠦᠲᠤ ᠬᠦᠷᠡᠯ ᠬᠡᠷᠡᠭᠰᠡᠯ᠂ ᠠᠯᠲᠠ ᠴᠢᠮᠡᠭᠯᠡᠯ ᠲᠠᠢ ᠠᠷᠠᠰᠤᠨ ᠪᠦᠰᠡ᠂ ᠮᠤᠳᠤᠨ ᠰᠢᠷᠡᠭᠡ᠂ ᠪᠠᠷᠠᠭᠤᠨ ᠰᠢᠶᠠ ᠤᠯᠤᠰ ᠤ᠋ᠨ 《ᠠᠬᠠᠯᠠᠭᠴᠢ》 ᠵᠢᠨ ᠭᠠᠤᠯᠢᠨ ᠲᠠᠮᠠᠭ᠎ᠠ᠂ ᠠᠯᠲᠠᠨ ᠲᠢᠲᠢᠮ᠂ ᠪᠤᠭᠤ ᠵᠢᠨ ᠠᠷᠠᠰᠤᠨ ᠡᠮ ᠤ᠋ᠨ ᠲᠤᠯᠤᠮ ᠁ ᠭᠡᠳ ᠦᠪᠦᠷ ᠮᠤᠩᠭᠤᠯ ᠤ᠋ᠨ ᠮᠦᠽᠸᠢ ᠵᠢᠨ 《ᠢᠳᠡᠭᠡᠰᠢᠯ ᠠᠭᠤᠰᠤᠯᠴᠠᠯ — ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠦᠪᠦᠷ ᠮᠤᠩᠭᠤᠯ ᠤ᠋ᠨ ᠲᠡᠦᠬᠡ ᠰᠤᠶᠤᠯ ᠤ᠋ᠨ ᠳᠡᠯᠭᠡᠨ ᠦᠵᠡᠭᠦᠯᠭᠡ》 ᠵᠢᠨ ᠲᠢᠩᠬᠢᠮ ᠳ᠋ᠤ ᠤᠷᠤᠬᠤ ᠲᠠᠢ ᠵᠡᠷᠭᠡ ᠨᠡᠢᠲᠡ ᠵᠢᠨ ᠤᠨ ᠲᠤᠭᠠᠯᠠᠯ ᠤ᠋ᠨ ᠨᠠᠢ᠍ᠮᠠ ᠡᠴᠡ ᠠᠷᠪᠠ ᠶᠢᠰᠦᠳᠦᠭᠡᠷ ᠵᠠᠭᠤᠨ ᠤ᠋ ᠮᠠᠨ ᠤ᠋ ᠤᠷᠤᠨ ᠤ᠋ ᠲᠡᠦᠬᠡ ᠰᠤᠶᠤᠯ ᠢ᠋ ᠬᠠᠷᠠᠭᠤᠯᠤᠭᠰᠠᠨ ᠡᠯᠳᠡᠪ ᠵᠦᠢᠯ ᠤ᠋ᠨ ᠬᠦᠷᠡᠯ ᠪᠠᠭᠠᠵᠢ᠂ ᠦᠩᠭᠡ ᠪᠦᠷᠢ ᠵᠢᠨ ᠸᠠᠭᠠᠷ ᠱᠠᠭᠠᠵᠠᠩ᠂ ᠵᠦᠢᠯ ᠪᠦᠷᠢ ᠵᠢᠨ ᠬᠠᠰ ᠪᠠᠭᠠᠵᠢ ᠬᠡᠷᠡᠭᠰᠡᠯ᠂ ᠨᠠᠷᠢᠯᠢᠭ ᠬᠢᠴᠡ ᠲᠠᠢ ᠠᠯᠲᠠ ᠮᠥᠩᠭᠥᠨ ᠡᠳ᠋ᠯᠡᠯ ᠵᠡᠷᠭᠡ 400 ᠭᠠᠷᠤᠢ ᠬᠣᠪᠣᠷ ᠨᠠᠨᠳᠢᠨ ᠲᠡᠦᠬᠡ ᠰᠣᠶᠣᠯ᠎ᠤᠨ ᠳᠤᠷᠠᠰᠭᠠᠯᠲᠤ ᠵᠦᠢᠯᠡᠰ ᠶᠠᠭᠠᠬᠢᠬᠤ ᠵᠢᠨ ᠠᠷᠭ᠎ᠠ ᠦᠭᠡᠢ ᠬᠠᠷᠠᠭ᠎ᠠ ᠶ᠋ᠢ ᠪᠤᠯᠢᠶᠠᠨ᠎ᠠ᠃

《ᠴᠢᠮᠠᠯᠠᠰᠢ ᠦᠭᠡᠢ ᠤᠷᠲᠤ ᠲᠡᠦᠬᠡᠨ ᠱᠠᠰᠲᠢᠷ》᠂ 《ᠢᠳᠡᠭᠡᠰᠢᠯ ᠠᠭᠤᠰᠤᠯᠴᠠᠯ》᠂《ᠤᠮᠠᠷᠠᠲᠤ ᠬᠢᠯᠢ᠎ᠶ᠋ᠢ ᠪᠡᠬᠢᠵᠢᠭᠦᠯᠪᠡ》᠂ 《ᠦᠨᠢᠷ ᠪᠠᠶᠠᠯᠢᠭ ᠦᠪ ᠰᠣᠶᠣᠯ》 ᠵᠡᠷᠭᠡ ᠳᠦᠷᠪᠡᠨ ᠬᠡᠰᠡᠭ ᠡᠴᠡ ᠪᠦᠷᠢᠯᠳᠤᠵᠤ᠂ 2000 ᠲᠡᠭ᠌ᠰᠢ ᠳᠥᠷᠪᠡᠯᠵᠢᠨ ᠮᠸᠲᠷ ᠪᠦᠬᠦᠢ ᠲᠠᠯᠠᠪᠠᠢ ᠲᠠᠢ᠃ ᠲᠤᠰ ᠦᠵᠡᠬᠦᠯᠭᠡ ᠨᠢ ᠮᠠᠨ ᠤ᠋ ᠣᠷᠣᠨ᠎ᠤ ᠠᠳᠠᠯᠢ ᠪᠤᠰᠤ ᠲᠡᠦᠬᠡᠨ ᠴᠠᠭ ᠦᠶ᠎ᠡ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠳᠠᠭᠠᠯᠠᠮᠵᠢ ᠶ᠋ᠢ ᠲᠡᠯᠭᠡᠨ ᠦᠵᠡᠭᠦᠯᠬᠦ᠎ᠪᠠᠷ ᠳᠠᠮᠵᠢᠵᠤ᠂ ᠮᠠᠨ᠎ᠤ ᠤᠯᠤᠰ᠎ᠤᠨ ᠨᠢᠭᠡᠳᠦᠭ᠌ᠰᠡᠨ ᠤᠯᠠᠨ ᠦᠨᠳᠦᠰᠦᠲᠡᠨ᠎ᠲᠡᠶ ᠤᠯᠤᠰ᠎ᠤᠨ ᠤᠯᠠᠷᠢᠨ ᠬᠤᠪᠢᠰᠴᠤ᠌ ᠪᠦᠷᠢᠯᠳᠦᠭ᠌ᠰᠡᠨ ᠲᠡᠦᠬᠡ᠎ᠶ᠋ᠢᠨ ᠪᠠᠢᠳᠠᠯ ᠢ᠋ ᠢᠯᠡᠷᠡᠭᠦᠯᠦᠨ᠂ ᠲᠡᠦᠬᠡᠨ ᠳᠡᠭᠡᠷᠡᠬᠢ ᠥᠪᠥᠷ ᠮᠣᠩᠭᠣᠯ ᠣᠷᠣᠨ᠎ᠤ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠭᠡᠷᠡᠴᠢᠯᠡᠭᠰᠡᠨ ᠪᠦᠭᠡᠳ ᠳᠤᠮᠳᠠᠳᠤ᠎ᠶ᠋ᠢᠨ ᠦᠨᠳᠦᠰᠦᠲᠡᠨ᠎ᠦ ᠤᠯᠠᠨ ᠡᠱᠢᠴᠢᠯᠡᠭᠰᠡᠨ ᠨᠢᠭᠡ ᠴᠤᠭᠴᠠᠲᠤ ᠪᠠᠢᠷᠢᠱᠢᠯ᠎ᠤᠨ ᠬᠥᠭ᠌ᠵᠢᠨ ᠪᠤᠵᠠᠭᠠᠢ᠌ᠷᠠᠭ᠍ᠰᠠᠨ ᠲᠡᠦᠬᠡᠨ ᠶᠠᠪᠤᠴᠠ᠎ᠶ᠋ᠢ ᠦᠵᠡᠬᠦᠯᠦᠭᠰᠡᠨ ᠪᠠᠢᠨ᠎ᠠ᠃

ᠲᠤᠰ ᠦᠵᠡᠬᠦᠯᠭᠡ ᠨᠢ 7 ᠰᠠᠷ᠎ᠠ ᠵᠢᠨ 8᠎ᠤ᠋ ᠡᠳᠤᠷ ᠡᠴᠡ 8 ᠰᠠᠷ᠎ᠠ ᠵᠢᠨ 6᠎ᠤ᠋ ᠡᠳᠤᠷ ᠪᠤᠯᠳᠠᠯ᠎ᠠ ᠦᠪᠤᠷ ᠮᠤᠡᠭᠭᠤᠯ᠎ᠤᠨ ᠮᠦᠽᠸᠢ ᠵᠢᠨ ᠭᠤᠷᠪᠠᠳᠤᠭᠠᠷ ᠲᠠᠪᠬᠤᠷᠯᠢᠭ ᠲᠸ᠋ ᠶᠠᠪᠤᠬᠳᠠᠨ᠎ᠠ᠃

ᠰᠤᠳᠤᠨ ᠰᠠᠢᠬᠠᠨ ᠦᠵᠡᠬᠦᠯᠭᠡ ᠵᠢᠨ ᠠᠵᠢᠯᠯᠠᠭ᠎ᠠ ᠨᠢ ᠬᠦᠮᠤᠨ ᠠᠷᠠᠳ᠎ᠤᠨ ᠵᠢᠡᠨ ᠰᠡᠳᠬᠢᠯ᠎ᠢ ᠪᠠᠶᠠᠰᠬᠠᠵᠤ᠂ ᠵᠤᠯ ᠵᠢᠷᠭᠠᠯᠳᠤ ᠰᠡᠳᠬᠢᠯᠭᠡ ᠵᠢ ᠬᠦᠭᠵᠢᠭᠡᠯ᠎ᠡ᠃ ᠲᠤᠰ ᠤᠳᠠᠭ᠎ᠠ᠎ᠶ᠋ᠢᠨ ᠲᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠰᠢᠷᠢᠰ ᠦᠵᠡᠬᠦᠯᠭᠡ ᠵᠢᠨ ᠠᠵᠢᠯᠯᠠᠭ᠎ᠠ ᠵᠢᠨ ᠰᠡᠳᠤᠪ ᠨᠢ ᠥᠷᠭᠡᠨ ᠳᠡᠯᠭᠡᠷ᠂ ᠬᠡᠯᠪᠡᠷᠢ ᠨᠢ ᠤᠯᠠᠨ ᠶᠠᠩᠵᠤ᠎ᠶ᠋ᠢᠨ ᠪᠠᠢᠵᠤ᠂ ᠥᠪᠥᠷ ᠮᠣᠩᠭᠣᠯ᠎ᠤᠨ ᠤᠷᠠᠯᠢᠭ᠍ᠴᠢᠳ᠎ᠤᠨ ᠴᠠᠭ ᠦᠶ᠎ᠡ᠎ᠶ᠋ᠢᠨ ᠲᠦᠷᠢ ᠲᠥᠷᠬᠦ᠌᠎ᠶ᠋ᠢ ᠱᠤᠭᠤᠵᠤ᠂ ᠳᠤᠮᠳᠠᠳᠤ ᠤᠯᠤᠰ᠎ᠤᠨ ᠦᠯᠢᠭᠡᠷ᠎ᠢ ᠰᠠᠢᠲᠤᠷ ᠶᠠᠷᠢᠬᠤ ᠭᠣᠣᠯ ᠰᠡᠳᠦᠪ᠎ᠢ ᠭᠦᠨᠵᠡᠭᠡᠢ ᠢᠯᠡᠳᠭᠡᠵᠦ᠍ ᠲᠠᠢᠯᠪᠤᠷᠢᠯᠠᠭ᠍ᠰᠠᠨ᠎ᠢ ᠪᠦᠬᠦ᠌ ᠲᠠᠯ᠎ᠠ᠎ᠪᠠᠷ ᠬᠠᠷᠠᠭᠤᠯᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面