2023-07-13 11:01:58
ᠰᠠᠯᠬᠢ ᠰᠡᠪᠡᠯᠵᠡᠵᠤ ᠪᠤᠷᠤᠭᠠᠨ ᠵᠦᠰᠡᠷᠡᠭᠰᠡᠨ ᠰᠡᠷᠢᠭᠦᠨ ᠦᠳᠡᠰᠢ ᠰᠠᠢᠬᠠᠨ ᠲᠤᠭᠯᠠᠯᠲᠠ ᠦᠵᠡᠬᠦ ᠬᠡᠮᠡᠨ ᠬᠦᠮᠦᠰ ᠦᠪᠦᠷ ᠮᠤᠡᠭᠭᠤᠯ ᠤ᠋ᠨ ᠤᠷᠠᠯᠢᠭ ᠵᠦᠴᠦᠭᠡ ᠢ᠋ᠢᠨ ᠬᠦᠷᠢᠶᠡᠯᠡᠡᠭ ᠳ᠋ᠤ ᠴᠤᠭᠯᠠᠷᠠᠯ᠎ᠠ᠃ 7 ᠰᠠᠷ᠎ᠠ ᠢ᠋ᠢᠨ 12 ᠤ᠋ᠨ ᠤᠷᠤᠢ᠂ ᠤᠷᠳᠤᠰ ᠬᠤᠲᠠ ᠢ᠋ᠢᠨ ᠵᠡᠭᠦᠨᠭᠠᠷ ᠬᠣᠱᠢᠭᠤᠨ ᠤ᠋ ᠤᠯᠠᠭᠠᠨᠮᠥ᠋ᠴᠢᠷ ᠤ᠋ᠨ ᠲᠤᠭᠯᠠᠭᠰᠠᠨ ᠮᠠᠡᠭᠬᠠᠨ ᠠᠶᠠᠯᠭᠤᠲᠤ ᠳᠠᠭᠤᠤ ᠬᠦᠭᠵᠢᠮᠲᠤ ᠵᠦᠴᠦᠭᠡ 《ᠰᠡᠳᠬᠢᠯ ᠤ᠋ᠨ ᠬᠤᠯᠪᠤᠭ᠎ᠠ》 ᠬᠦᠬᠡᠬᠤᠳᠠᠨ᠎ᠠ ᠦᠵᠡᠭᠴᠢ ᠤᠯᠠᠨ ᠲᠠᠢ ᠪᠠᠨ ᠵᠤᠯᠭᠠᠯ᠎ᠠ᠃

ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠲᠤᠭᠯᠠᠯᠲᠠ ᠢ᠋ᠢᠨ ᠨᠢᠭᠡ ᠪᠤᠯᠬᠤ ᠮᠠᠩᠬᠠᠨ ᠠᠶᠠᠯᠭᠤᠲᠤ ᠳᠠᠭᠤᠤ ᠬᠥᠭ᠌ᠵᠢᠮᠲᠦ ᠵᠦᠴᠦᠭᠡ 《ᠰᠡᠳᠬᠢᠯ ᠤ᠋ᠨ ᠬᠤᠯᠪᠤᠭ᠎ᠠ》 ᠪᠤᠯ ᠵᠡᠭᠦᠨᠭᠠᠷ ᠬᠣᠱᠢᠭᠤᠨ ᠤ᠋ ᠤᠯᠠᠭᠠᠨᠮᠥ᠋ᠴᠢᠷ ᠤ᠋ᠨ 《ᠰᠦᠨᠡᠰᠦ ᠢ᠋ᠢ ᠬᠣᠯᠪᠣᠬᠰᠠᠨ ᠱᠤᠭᠤᠮ》᠂ 《ᠠᠭᠤᠯᠠ ᠢ᠋ᠢᠨ ᠴᠠᠭᠠᠨ᠎ᠠ》 ᠵᠡᠷᠭᠡ ᠪᠦᠲᠦᠭᠡᠯ ᠤ᠋ᠨ ᠳᠠᠷᠠᠭᠠᠬᠢ ᠪᠠᠰᠠ ᠨᠢᠭᠡᠨ ᠤᠤᠭᠠᠯ ᠡᠬᠦᠳᠦᠯᠳᠡ ᠵᠢᠨ ᠪᠦᠲᠦᠭᠡᠯ ᠪᠤᠯᠬᠤ ᠶᠤᠮ᠃ ᠲᠤᠰ ᠵᠦᠴᠦᠭᠡ ᠪᠣᠯ ᠣᠳᠣ ᠦᠶ᠎ᠡ ᠢ᠋ᠢᠨ ᠪᠣᠳᠠᠲᠤ ᠠᠬᠤᠢᠴᠢ ᠰᠡᠳᠦᠪᠲᠦ ᠮᠠᠩᠬᠠᠨ ᠠᠶᠠᠯᠭᠤᠲᠤ ᠲᠠᠢᠰᠠᠨ ᠤ᠋ ᠵᠦᠴᠦᠭᠡ ᠪᠠᠢᠵᠤ᠂ ᠤᠤᠭᠠᠯ ᠮᠠᠩᠬᠠᠨ ᠠᠶᠠᠯᠭᠤᠲᠤ ᠳᠠᠭᠤᠤ ᠬᠥᠭ᠌ᠵᠢᠮ ᠤ᠋ᠨ ᠰᠠᠭᠤᠷᠢᠨ ᠳᠡᠭᠡᠷ᠎ᠡ ᠣᠯᠠᠨ ᠡᠱᠢᠴᠢᠯᠡᠨ ᠢᠯᠡᠳᠭᠡᠬᠦ᠌ ᠢ᠋ᠢ ᠵᠤᠷᠢᠵᠤ᠂ ᠮᠠᠩᠬᠠᠨ ᠠᠶᠠᠯᠭᠤᠲᠤ ᠵᠦᠴᠦᠭᠡ ᠢ᠋ᠢ ᠲᠥᠷᠥᠯᠵᠢᠭᠦᠯᠦᠨ ᠪᠠᠢᠭᠤᠯᠬᠤ ᠢ᠋ᠢ ᠲᠤᠷᠱᠢᠭᠰᠠᠨ ᠲᠠᠢᠰᠠᠨ ᠤ᠋ ᠤᠷᠠᠯᠢᠭ ᠤ᠋ᠨ ᠪᠦᠲᠦᠭᠡᠯ ᠪᠤᠯᠤᠨ᠎ᠠ᠃ ᠵᠦᠴᠦᠭᠡ ᠨᠢ ᠵᠡᠭᠦᠨᠭᠠᠷ ᠤ᠋ᠨ ᠠᠵᠤ ᠦᠶ᠋ᠯᠡᠳᠪᠦᠷᠢ ᠢ᠋ᠢᠨ ᠬᠥᠭ᠌ᠵᠢᠯᠲᠡ ᠢ᠋ᠢᠨ ᠰᠤᠳᠠᠰᠤ ᠪᠠᠷ ᠳᠡᠪᠢᠰᠭᠡᠷ ᠪᠣᠯᠭᠠᠨ᠂ ᠮᠠᠩᠬᠠᠨ ᠠᠶᠠᠯᠭᠤ ᠪᠠᠷ ᠳᠠᠭᠤᠤ ᠬᠥᠭ᠌ᠵᠢᠮ ᠤ᠋ᠨ ᠡᠯᠧᠮᠧᠨ᠋ᠲ ᠪᠣᠯᠭᠠᠵᠤ᠂ ᠲᠤᠬᠠᠶ ᠢ᠋ᠢᠨ ᠭᠠᠵᠠᠷ ᠤ᠋ᠨ ᠠᠳᠠᠯᠢ ᠪᠤᠰᠤ ᠦᠨᠳᠦᠰᠦᠲᠡᠨ ᠤ᠋ ᠬᠣᠶᠠᠷ ᠦᠶ᠎ᠡ ᠢ᠋ᠢᠨ ᠬᠥᠮᠦᠰ ᠤ᠋ᠨ ᠠᠮᠢᠳᠤᠷᠠᠯ ᠤ᠋ᠨ ᠬᠤᠪᠢᠷᠠᠯᠲᠠ᠂ ᠦᠰᠦᠯᠳᠠ ᠪᠣᠢᠵᠢᠯᠲᠠ ᠢ᠋ᠢᠨ ᠳᠤᠷᠠᠰᠤᠮᠵᠢ ᠪᠠᠷ ᠱᠢᠵᠢᠮ ᠪᠣᠯᠭᠠᠨ᠂ ᠦᠨᠳᠦᠰᠦᠨ ᠱᠠᠲᠤᠨ ᠤ᠋ ᠣᠯᠠᠨ ᠲᠦᠮᠡᠨ ᠤ᠋ ᠨᠠᠮ ᠤ᠋ᠨ ᠤᠳᠤᠷᠢᠳᠤᠯᠭ᠎ᠠ ᠳᠤᠤᠷ᠎ᠠ ᠰᠡᠳᠭᠢᠯ ᠨᠢᠭᠡᠳᠦᠨ ᠬᠦᠴᠦ ᠪᠡᠨ ᠬᠠᠮᠲᠤᠳᠬᠠᠵᠤ ᠪᠠᠶᠠᠵᠢᠨ ᠴᠢᠨᠡᠭᠡᠯᠢᠭ᠌ᠵᠢᠵᠦ᠍᠂ ᠬᠦᠰᠡᠯ ᠵᠡᠬᠦᠳᠤ ᠳ᠋ᠡᠬᠡᠨ ᠲᠡᠮᠡᠤᠯᠦᠭᠰᠡᠨ ᠰᠡᠳᠭᠢᠯ ᠬᠥᠳᠡᠯᠭᠡᠮ᠎ᠡ ᠥᠯᠢᠭᠡᠷ ᠢ᠋ ᠳᠡᠯᠭᠡᠵᠠᠢ᠃

《ᠮᠠᠡᠭᠬᠠᠨ ᠠᠶᠠᠯᠭᠤᠲᠤ ᠣᠲᠣ ᠦᠶ᠎ᠡ ᠢ᠋ᠢᠨ ᠵᠦᠴᠦᠭᠡ 〈ᠰᠡᠳᠬᠢᠯ ᠤ᠋ᠨ ᠬᠤᠯᠪᠤᠭ᠎ᠠ〉 ᠨᠢ ᠵᠡᠭᠦᠨᠭᠠᠷ ᠬᠣᠱᠢᠭᠤᠨ ᠤ᠋ ᠮᠠᠩᠬᠠᠨ ᠠᠶᠠᠯᠭᠤ ᠢ᠋ᠢᠨ ᠥᠪᠡᠷᠮᠢᠴᠡ ᠰᠣᠶᠣᠯ ᠵᠢᠡᠷ ᠭᠤᠤᠯ ᠴᠣᠭ᠍ᠴᠠ ᠪᠤᠯᠭᠠᠪᠠ᠃ ᠮᠠᠩᠬᠠᠨ ᠠᠶᠠᠯᠭᠤ ᠪᠣᠯ ᠮᠣᠩᠭᠣᠯ ᠬᠢᠲᠠᠳ ᠦᠨᠳᠦᠰᠦᠲᠡᠨ ᠤ᠋ ᠠᠷᠠᠳ ᠲᠦᠮᠡᠨ ᠤ᠋ ᠤᠷᠠᠯᠢᠭ ᠤ᠋ᠨ ᠤᠬᠢ ᠲᠠᠯᠠᠰᠳᠤ ᠪᠠᠢᠵᠤ᠂ ᠣᠲᠣ ᠪᠣᠯᠲᠠᠯ᠎ᠠ ᠤᠯᠠᠮᠵᠢᠯᠠᠭ᠍ᠳᠠᠨ ᠳᠠᠭᠤᠯᠠᠭᠳᠠᠭᠰᠠᠭᠠᠷ ᠶᠤᠮ᠃ ᠪᠢᠳᠡ ᠬᠠᠭᠤᠴᠢᠨ ᠮᠠᠲ᠋ᠧᠷᠢᠶᠠᠯ ᠢ᠋ ᠡᠮᠬᠢᠯᠡᠵᠤ᠂ 4 ᠰᠠᠷ᠎ᠠ ᠭᠠᠷᠤᠶ ᠢ᠋ᠢᠨ ᠬᠤᠭᠤᠴᠠᠭ᠎ᠠ ᠬᠡᠷᠡᠭᠰᠡᠨ ᠣᠯᠠᠨ ᠲᠦᠮᠡᠨ ᠲᠡᠶ ᠨᠡᠩ ᠣᠢᠷᠠᠲᠤᠵᠤ᠂ ᠦᠵᠡᠭ᠌ᠴᠢᠳ ᠤ᠋ᠨ ᠰᠡᠳᠬᠢᠯ ᠳ᠋ᠤ ᠬᠦᠷᠦᠭᠰᠡᠨ ᠣᠲᠣ ᠦᠶ᠎ᠡ ᠢ᠋ᠢᠨ ᠵᠦᠴᠦᠭᠡ ᠢ᠋ᠢ ᠵᠣᠬᠢᠶᠠᠨ ᠪᠦᠲᠦᠭᠡᠵᠦ᠍᠂ ᠦᠵᠡᠭ᠌ᠴᠢᠳ ᠲᠦ᠍ ᠮᠠᠷᠳᠠᠭᠳᠠᠰᠢ ᠦᠬᠡᠢ ᠮᠠᠩᠬᠠᠨ ᠠᠶᠠᠯᠭᠤ ᠢ᠋ᠢᠨ ᠭᠠᠢᠬᠠᠮᠰᠢᠭ ᠢ᠋ ᠮᠡᠳᠡᠷᠡᠭᠦᠯᠬᠦ ᠭᠡᠰᠡᠨ ᠶᠤᠮ》 ᠭᠡᠵᠦ᠍ ᠲᠤᠰ ᠵᠦᠴᠦᠭᠡ ᠢ᠋ᠢᠨ ᠤᠳᠤᠷᠢᠳᠤᠭᠠᠴᠢ ᠴᠧᠨ ᠡᠯ ᠶᠦᠩ ᠶᠠᠷᠢᠵᠤ ᠪᠠᠢᠯ᠎ᠠ᠃

ᠦᠪᠡᠷᠮᠢᠴᠠ ᠰᠤᠳᠤᠨ ᠮᠠᠩᠬᠠᠨ ᠠᠶᠠᠯᠭᠤᠲᠤ ᠵᠦᠴᠦᠭᠡ ᠦᠵᠡᠭᠴᠢ ᠲᠦᠮᠡᠨ ᠢ᠋ ᠤᠶᠠᠷᠠᠭᠤᠯᠤᠨ ᠳᠤᠭᠳᠤᠯᠤᠭᠤᠯᠤᠨᠠ᠂ ᠦᠨᠳᠦᠰᠦᠲᠡᠨ ᠤ᠋ ᠪᠦᠯᠬᠦᠮᠳᠡᠯ ᠤ᠋ᠨ ᠢᠷᠠᠭᠤ ᠳᠠᠭᠤᠨ ᠦᠶ᠎ᠠ ᠦᠶ᠎ᠠ ᠢ᠋ᠢᠨ ᠬᠦᠮᠦᠰ ᠤ᠋ᠨ ᠳᠤᠮᠳᠠ ᠬᠠᠡᠭᠭᠢᠨᠠᠨ ᠴᠤᠤᠷᠢᠶᠠᠳᠤᠨ᠎ᠠ᠃ 《ᠡᠨᠡ ᠡᠳᠤᠷ ᠮᠠᠡᠭᠬᠠᠨ ᠠᠶᠠᠯᠭᠤᠲᠤ ᠵᠦᠴᠦᠭᠡ ᠢ᠋ᠢ ᠠᠡᠭᠬ᠎ᠠ ᠤᠳᠠᠭ᠎ᠠ ᠰᠤᠨᠢᠷᠬᠠᠵᠤ ᠪᠠᠢᠨ᠎ᠠ᠂ ᠳᠠᠭᠤᠤ ᠪᠥᠵᠢᠭ ᠪᠠ ᠦᠯᠢᠭᠡᠷ ᠢ᠋ ᠬᠠᠪᠰᠤᠷᠭᠠᠭᠰᠠᠨ ᠰᠤᠨᠤᠰᠪᠤᠷᠢᠲᠠᠢ ᠪᠥᠭᠡᠳ ᠰᠡᠳᠭᠢᠭᠦᠱᠢᠲᠡᠢ ᠲᠤᠭᠯᠠᠯᠲᠠ ᠪᠠᠢᠵᠤ᠂ ᠰᠡᠳᠦᠪ ᠨᠢ ᠴᠠᠭ ᠦᠶ᠎ᠡ ᠲᠡᠶ ᠨᠢᠭ᠍ᠲᠠ ᠤᠶᠠᠯᠳᠤᠭᠰᠠᠨ ᠪᠦᠭᠡᠳ ᠣᠷᠣᠨ ᠨᠤᠲᠤᠭ ᠤ᠋ᠨ ᠣᠨᠴᠠᠯᠢᠭ ᠲᠠᠶ᠂ ᠦᠢᠯᠡ ᠶᠠᠪᠤᠳᠠᠯ ᠨᠢ ᠴᠦ᠍ ᠰᠡᠳᠬᠢᠯ ᠳ᠋ᠤ ᠰᠠᠭᠤᠭᠳᠠᠨ ᠰᠠᠨᠠᠭᠠᠨ ᠳ᠋ᠤ ᠲᠠᠭᠠᠯᠠᠭᠳᠠᠯ᠎ᠠ》 ᠭᠡᠵᠦ᠍ ᠵᠦᠴᠦᠬᠡ ᠵᠢ ᠰᠤᠨᠢᠷᠬᠠᠭᠰᠠᠨ ᠹᠸᠡᠭ ᠠᠪᠤᠭᠠᠢ ᠳᠤᠭᠳᠤᠯᠤᠡᠭᠬᠠᠨ ᠶᠠᠷᠢᠨ᠎ᠠ᠃

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃