2023-07-14 10:23:28
ᠣᠬ ᠰᠠᠨᠠᠭ᠎ᠠ ᠪᠠᠨ ᠦᠯᠦ ᠮᠠᠷᠲᠠᠬᠣ ᠭᠡᠵᠦ ᠣᠯᠠᠭᠠᠨ ᠲᠣᠬ ᠤ᠋ᠨ ᠲᠣᠣᠷ᠎ᠠ ᠠᠮᠠᠯᠠᠬᠰᠠᠨ ᠶᠣᠮ᠂ ᠣᠷᠪᠠᠭᠠᠨ ᠬᠦᠷᠪᠡᠭᠡᠨ ᠲᠠᠢ ᠤᠨ ᠴᠠᠬ ᠲᠦ᠍ ᠣᠭᠣᠭᠠᠲᠠ ᠴᠢᠩ ᠦᠨᠡᠨ ᠢ᠋ ᠪᠠᠷᠢᠮᠲᠠᠯᠠᠬᠰᠠᠨ ᠶᠣᠮ᠃ 7 ᠰᠠᠷ᠎ᠠ ᠵᠢᠨ 13 ᠤ᠋ ᠣᠷᠣᠢ᠂ ᠣᠯᠠᠭᠠᠨᠬᠠᠲᠠ ᠬᠣᠲᠠ ᠵᠢᠨ ᠨᠢᠩᠴᠸᠩ ᠰᠢᠶᠠᠨ ᠤ᠋ ᠣᠯᠠᠭᠠᠨᠮᠦᠢ᠍ᠴᠢᠷ ᠡᠴᠡ ᠫᠢᠩᠵᠢᠣᠢ ᠵᠦᠴᠦᠭᠡ 《ᠴᠢᠩ ᠦᠨᠡᠨᠴᠢ》 ᠶ᠋ᠢ ᠬᠦᠬᠡᠬᠣᠲᠠ ᠵᠢᠨ ᠦᠨᠳᠦᠰᠦᠲᠡᠨ ᠤ᠋ ᠵᠦᠴᠦᠭᠡ ᠵᠢᠨ ᠲᠢᠶᠠᠲ᠋ᠷ ᠲᠦ᠍ ᠲᠣᠬᠯᠠᠵᠦ ᠦᠵᠡᠬᠦᠯᠪᠡ᠃
ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠲᠣᠬᠯᠠᠯᠲᠠ ᠵᠢᠨ ᠨᠢᠭᠡ ᠪᠣᠯᠬᠣ ᠫᠢᠩᠵᠢᠣᠢ ᠵᠦᠴᠦᠭᠡ 《ᠴᠢᠩ ᠦᠨᠡᠨᠴᠢ》 ᠨᠢ ᠲᠡᠭᠡᠷ᠎ᠡ ᠵᠠᠭᠣᠨ ᠤ᠋ ᠲᠦᠴᠢᠭᠡᠳ ᠤᠨ ᠶ᠋ᠢᠡᠷ ᠠᠬᠣᠢ ᠦᠵᠡᠭᠲᠡᠯ ᠪᠣᠯᠭᠠᠵᠤ᠂ ᠹᠸᠩ ᠱᠦᠢ ᠱᠠᠨ ᠤ᠋ ᠠᠩᠬᠠᠲᠠᠬᠴᠢ ᠦᠨᠳᠦᠰᠦᠨ ᠱᠠᠲᠣᠨ ᠤ᠋ ᠨᠠᠮ ᠤ᠋ᠨ ᠡᠬᠦᠷ ᠶ᠋ᠢᠡᠷ ᠣᠣᠯ ᠲᠦᠷᠢ ᠪᠣᠯᠭᠠᠨ᠂ ᠶᠠᠩ ᠰᠢᠦ ᠵᠠᠩ᠂ ᠵᠢᠨ ᠪᠣᠣ ᠱᠠᠨ ᠪᠠ ᠨᠠᠷᠠᠨᠬᠣᠸᠠᠷ ᠵᠡᠷᠭᠡ ᠲᠣᠰᠬᠣᠨ ᠤ᠋ ᠠᠷᠠᠳ ᠪᠣᠯᠣᠨ ᠨᠠᠢ᠍ᠮᠠᠨ ᠵᠠᠮ ᠤ᠋ᠨ ᠴᠡᠷᠢᠭ ᠤ᠋ᠨ ᠵᠢᠯᠣᠭᠣᠲᠣᠬᠴᠢ ᠪᠠᠢᠯᠲᠣᠬᠴᠢ ᠸᠠᠩ ᠵᠸᠨ ᠳ᠋ᠦᠩ ᠤ᠋ᠨ ᠰᠡᠳᠬᠢᠯ ᠨᠢᠭᠡᠲᠦᠨ ᠬᠦᠴᠦ ᠪᠠᠨ ᠬᠠᠮᠳᠤᠳᠬᠠᠵᠤ᠂ ᠬᠠᠮᠲᠣ ᠪᠡᠷ ᠲᠠᠢᠰᠣᠨ ᠢ᠋ ᠡᠰᠡᠷᠬᠦᠴᠡᠭᠰᠡᠨ ᠪᠠᠭᠠᠲᠣᠷᠯᠢᠬ ᠦᠢᠯᠡ ᠠᠵᠢᠯᠯᠠᠭ᠎ᠠ ᠵᠢ ᠲᠣᠰᠬᠠᠵᠠᠢ᠃ ᠵᠦᠴᠦᠬᠡ ᠳ᠋ᠤ ᠡᠪ ᠬᠠᠮᠲᠣ ᠨᠠᠮ ᠤ᠋ᠨ ᠭᠡᠰᠢᠬᠦᠨ ᠶᠠᠩ ᠰᠢᠦ ᠵᠠᠩ ᠤ᠋ᠨ ᠨᠠᠮ ᠳ᠋ᠦ ᠣᠷᠣᠬᠰᠠᠨ ᠢ᠋ ᠭᠡᠷᠡᠴᠢᠯᠡᠬᠦ ᠬᠦᠮᠦᠨ ᠦᠭᠡᠢ ᠪᠠᠢᠲᠠᠯ ᠲᠣᠣᠷ᠎ᠠ᠂ ᠲᠡᠷᠡ ᠪᠡᠷ ᠣᠬ ᠰᠠᠨᠠᠭ᠎ᠠ ᠪᠠᠨ ᠦᠯᠦ ᠮᠠᠷᠲᠠᠨ᠂ ᠭᠠᠵᠠᠷ ᠰᠢᠷᠣᠢ ᠵᠢᠨ ᠦᠭᠡᠷᠡᠴᠢᠯᠡᠯᠲᠡ ᠡᠴᠡ ᠦᠭᠡᠷᠡᠴᠢᠯᠡᠯᠲᠡ ᠨᠡᠬᠡᠬᠡᠯᠳᠡ ᠪᠣᠯᠲᠠᠯ᠎ᠠ ᠨᠢᠭᠡ ᠰᠡᠳᠬᠢᠯ ᠨᠢᠭᠡ ᠵᠣᠷᠢᠬ ᠶ᠋ᠢᠡᠷ ᠲᠣᠰᠬᠣᠨ ᠤ᠋ ᠠᠷᠠᠳ ᠶ᠋ᠢᠡᠨ ᠲᠠᠢᠴᠢᠯᠠᠨ ᠨᠠᠮ ᠤ᠋ᠨ ᠬᠡᠰᠢᠬᠦᠨ ᠤ᠋ ᠡᠬᠦᠷᠭᠡ ᠬᠠᠷᠢᠭᠣᠴᠠᠯᠭ᠎ᠠ ᠪᠠᠨ ᠬᠦᠢᠴᠡᠳᠭᠡᠵᠦ᠂ ᠠᠯᠢ ᠨᠢᠭᠡᠨ ᠡᠳᠦᠷ ᠨᠠᠮ ᠤ᠋ᠨ ᠬᠠᠷᠢᠶ᠎ᠠ ᠪᠠᠨ ᠰᠡᠷᠬᠦᠭᠡᠬᠦ ᠪᠡᠷ ᠬᠦᠰᠡᠵᠦ ᠪᠠᠢᠬᠰᠠᠨ ᠦᠯᠢᠭᠡᠷ ᠢ᠋ ᠦᠬᠦᠯᠡᠭᠰᠡᠨ ᠪᠠᠢᠨ᠎ᠠ᠃ ᠲᠣᠰ ᠵᠦᠴᠦᠭᠡ ᠨᠢ ᠴᠡᠭ ᠶ᠋ᠢᠡᠷ ᠬᠡᠰᠡᠭ ᠲᠠᠯ᠎ᠠ ᠵᠢ ᠢᠯᠡᠷᠡᠬᠦᠯᠵᠦ᠂ ᠲᠡᠭᠡᠷ᠎ᠡ ᠵᠠᠭᠣᠨ ᠤ᠋ ᠲᠦᠴᠢᠭᠡᠳ ᠤᠨ ᠤ᠋ ᠦᠶ᠎ᠡ ᠵᠢᠨ ᠡᠭᠡᠲᠡᠷᠡᠭᠡᠨ ᠪᠣᠲᠣᠯᠢᠶᠠᠨᠲᠠᠢ ᠲᠡᠦᠬᠡᠨ ᠠᠬᠣᠢ ᠵᠢ ᠣᠷᠠᠯᠢᠬ ᠶ᠋ᠢᠡᠷ ᠲᠣᠰᠬᠠᠵᠦ᠂ ᠲᠣᠮᠲᠠᠲᠣ ᠣᠯᠣᠰ ᠤ᠋ᠨ ᠡᠪ ᠬᠠᠮᠲᠣ ᠨᠠᠮ ᠤ᠋ᠨ ᠣᠯᠠᠨ ᠲᠦᠮᠡᠨ ᠤ᠋ ᠲᠣᠮᠲᠠ ᠡᠴᠡ ᠢᠷᠡᠵᠦ ᠣᠯᠠᠨ ᠲᠦᠮᠡᠨ ᠢ᠋ ᠲᠦᠰᠢᠭᠯᠡᠨ ᠢᠯᠡᠯᠲᠡ ᠣᠯᠣᠬᠰᠠᠨ ᠣᠯᠠᠨ ᠲᠦᠮᠡᠨᠴᠢ ᠦᠵᠡᠯ ᠰᠠᠨᠠᠭ᠎ᠠ ᠵᠢ ᠬᠠᠷᠠᠭᠣᠯᠣᠬᠰᠠᠨ ᠶ᠋ᠢᠡᠷ 2022 ᠤᠨ ᠳ᠋ᠦ ᠦᠪᠦᠷ ᠮᠣᠩᠭᠣᠯ ᠤ᠋ᠨ ᠦᠪᠡᠷᠲᠡᠭᠡᠨ ᠵᠠᠰᠠᠬᠣ ᠣᠷᠣᠨ ᠤ᠋ ᠠᠷᠪᠠᠨ ᠲᠠᠪᠣᠲᠣᠭᠠᠷ ᠬᠣᠭᠣᠴᠠᠭᠠᠨ ᠤ᠋ ᠣᠶᠣᠨ ᠤ᠋ ᠪᠣᠯᠪᠠᠰᠣᠨ ᠤ᠋ ᠪᠠᠢᠭᠣᠯᠣᠯᠲᠠ ᠵᠢᠨ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠱᠠᠩᠨᠠᠯ ᠢ᠋ ᠬᠦᠷᠲᠡᠭᠰᠨᠨ ᠶᠤᠮ᠃
ᠵᠦᠴᠦᠭᠡ ᠳ᠋ᠦ ᠶᠠᠩ ᠰᠢᠦ ᠵᠠᠩ ᠤ᠋ᠨ ᠲᠦᠷᠢ ᠵᠢ ᠲᠣᠬᠯᠠᠬᠰᠠᠨ ᠨᠢᠩᠴᠸᠩ ᠰᠢᠶᠠᠨ ᠤ᠋ ᠣᠯᠠᠭᠠᠨᠮᠦᠢ᠍ᠴᠢᠷ ᠤ᠋ᠨ ᠪᠦᠯᠬᠦᠮ ᠤ᠋ᠨ ᠲᠠᠷᠣᠭ᠎ᠠ᠂ ᠫᠢᠩᠵᠢᠣᠢ ᠵᠦᠴᠦᠭᠡ ᠵᠢᠨ ᠦᠪᠡᠷᠲᠡᠭᠡᠨ ᠵᠠᠰᠠᠬᠣ ᠣᠷᠣᠨ ᠤ᠋ ᠲᠡᠰ ᠤ᠋ᠨ ᠣᠯᠠᠮᠵᠢᠯᠠᠬᠴᠢ ᠵᠠᠩ ᠱᠦ᠍ ᠳ᠋ᠸ᠄ 《ᠪᠢ ᠠᠷᠪᠠᠨ ᠵᠢᠷᠭᠣᠭᠠᠨ ᠨᠠᠰᠣᠨ ᠡᠴᠡ ᠪᠠᠨ ᠡᠬᠢᠯᠡᠵᠦ ᠵᠦᠴᠦᠭᠡ ᠲᠣᠬᠯᠠᠵᠦ ᠰᠣᠷᠣᠬᠰᠠᠨ᠃ ᠦᠨᠦᠲᠦᠷ ᠡᠨᠡ ᠬᠦ᠌ ᠣᠷᠠᠯᠢᠬ ᠤ᠋ᠨ ᠲᠠᠢᠰᠠᠨ ᠳ᠋ᠦ ᠫᠢᠩᠵᠢᠣᠢ ᠵᠦᠴᠦᠭᠡ ᠵᠢᠨ ᠰᠣᠲᠣᠨ ᠪᠦᠲᠦᠭᠡᠯ ᠢ᠋ ᠲᠣᠬᠯᠠᠬᠣ ᠪᠡᠷ ᠲᠠᠮᠵᠢᠨ ᠡᠬᠡ ᠣᠯᠣᠰ᠂ ᠡᠪ ᠬᠠᠮᠲᠣ ᠨᠠᠮ ᠳ᠋ᠠᠭᠠᠨ ᠬᠢᠵᠠᠭᠠᠯᠠᠰᠢ ᠦᠭᠡᠢ ᠬᠠᠢᠷᠠᠲᠠᠢ ᠴᠢᠩ ᠦᠨᠡᠨᠴᠢ ᠰᠡᠳᠬᠢᠯ ᠶ᠋ᠢᠡᠨ ᠢᠯᠡᠳᠭᠡᠬᠦ ᠵᠢ ᠵᠣᠷᠢᠬᠰᠠᠨ ᠶᠣᠮ》 ᠭᠡᠵᠦ ᠶᠠᠷᠢᠨ᠎ᠠ᠃ ᠲᠣᠰ ᠵᠦᠴᠦᠭᠡ ᠵᠢᠨ ᠨᠠᠢᠷᠠᠭᠣᠯᠣᠬᠴᠢ ᠱᠠᠨ ᠰᠢᠣᠸᠠᠢ ᠸᠸᠨ ᠬᠡᠯᠡᠬᠦ ᠳ᠋ᠡᠭᠡᠨ᠄ 《ᠬᠡᠷᠪᠡ ᠲᠣᠮᠲᠠᠲᠣ ᠣᠯᠣᠰ ᠤ᠋ᠨ ᠡᠪ ᠬᠠᠮᠲᠣ ᠨᠠᠮ ᠢ᠋ ᠲᠦᠮᠡᠨ ᠭᠠᠵᠠᠷ ᠤ᠋ᠨ ᠣᠷᠲᠣ ᠴᠠᠭᠠᠨ ᠬᠡᠷᠡᠮ ᠶ᠋ᠢᠡᠷ ᠵᠦᠢᠷᠯᠡᠬᠦ ᠶᠣᠮ ᠪᠣᠯ ᠦᠨᠳᠦᠰᠦᠨ ᠱᠠᠲᠣᠨ ᠤ᠋ ᠨᠠᠮ ᠤ᠋ᠨ ᠡᠬᠦᠷ ᠪᠣᠯ ᠡᠨᠡ ᠬᠦ᠌ ᠣᠷᠲᠣ ᠴᠠᠭᠠᠨ ᠬᠡᠷᠡᠮ ᠤ᠋ᠨ ᠰᠠᠭᠣᠷᠢ ᠴᠢᠯᠠᠭᠣ ᠪᠠᠢᠵᠦ ᠲᠠᠭᠠᠷᠠᠬᠣ ᠶᠣᠮ᠃ ᠵᠦᠴᠦᠭᠡ ᠳ᠋ᠦ ᠶᠠᠩ ᠰᠢᠦ ᠵᠠᠩ ᠤ᠋ᠨ ᠨᠠᠮ ᠳ᠋ᠦ ᠣᠷᠣᠬᠰᠠᠨ ᠭᠡᠲᠡᠭ ᠢ᠋ ᠭᠡᠷᠡᠴᠢᠯᠡᠬᠦ ᠬᠦᠮᠦᠨ ᠬᠠᠷᠠᠬᠠᠨ ᠣᠯᠲᠠᠬᠣ ᠦᠭᠡᠢ ᠪᠠᠢᠲᠠᠯ ᠲᠣᠣᠷ᠎ᠠ᠂ ᠲᠡᠷᠡ ᠪᠡᠷ 30 ᠭᠠᠷᠣᠢ ᠵᠢᠯ ᠨᠠᠮ ᠤ᠋ᠨ ᠰᠦᠢᠳᠭᠡᠯ ᠶ᠋ᠢᠡᠨ ᠦᠪᠡᠰᠦᠪᠡᠨ ᠵᠢᠵᠢᠭ ᠣᠭᠣᠲᠠᠨ ᠳ᠋ᠦ ᠪᠠᠬᠯᠠᠨ ᠲᠣᠰᠢᠶᠠᠵᠦ ᠪᠠᠢᠬᠰᠠᠨ ᠨᠢ ᠰᠡᠳᠬᠢᠯ ᠬᠦᠲᠡᠯᠭᠡᠮᠡ ᠣᠷᠬᠢᠯ ᠬᠡᠰᠡᠭ ᠪᠣᠯᠪᠠ》 ᠭᠡᠵᠦ ᠲᠠᠨᠢᠯᠴᠠᠭᠣᠯᠵᠤ ᠪᠠᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃