2023-07-15 18:16:39
7 ᠰᠠᠷ᠎ᠠ ᠢ᠋ᠢᠨ 14 ᠤ᠋ ᠤᠷᠤᠢ ᠂ ᠵᠢᠶᠠᠩᠰᠦ ᠮᠤᠵᠢ ᠢ᠋ᠢᠨ ᠤᠷᠠᠨ ᠲᠤᠭᠯᠠᠯᠲᠠ ᠢ᠋ᠢᠨ ᠪᠦᠯᠦᠭᠯᠡᠯ ᠤ᠋ᠨ ᠺᠦᠨᠱᠠᠨ ᠵᠦᠴᠦᠭᠡ ᠢ᠋ᠢᠨ ᠬᠦᠷᠢᠶᠡᠯᠡᠩ ᠡᠴᠡ ᠺᠦᠨᠱᠠᠨ ᠵᠦᠴᠦᠭᠡ 《ᠮᠠᠨᠳᠠᠷᠠᠸ᠎ᠠ ᠲᠢᠩᠰᠡ》 (ᠤᠯᠠᠮᠵᠢᠯᠠᠯᠲᠤ ᠬᠡᠪᠯᠡᠯ) ᠵᠢ ᠬᠥᠬᠡᠬᠤᠲᠡ ᠵᠢᠨ ᠤᠯᠠᠭᠠᠨ ᠲᠢᠶᠠᠲ᠋ᠷ ᠲᠤ᠌ ᠲᠤᠭᠯᠠᠵᠤ ᠂ ᠦᠵᠡᠭᠴᠢᠳ ᠲᠤ᠌ ᠤᠷᠠᠯᠢᠭ ᠤ᠋ᠨ ᠤᠬᠢ ᠰᠤᠳᠤᠨ ᠪᠦᠲᠦᠭᠡᠯ ᠢ᠋ ᠰᠤᠨᠢᠷᠬᠠᠭᠤᠯᠤᠯ᠎ᠠ ᠃
ᠺᠦᠨᠱᠠᠨ ᠵᠦᠴᠦᠭᠡ 《ᠮᠠᠨᠳᠠᠷᠠᠸ᠎ᠠ ᠲᠢᠩᠰᠡ》 (ᠤᠯᠠᠮᠵᠢᠯᠠᠯᠲᠤ ᠬᠡᠪᠯᠡᠯ) ᠪᠤᠯ ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠤᠨᠴᠠ ᠤᠷᠢᠭᠰᠠᠨ ᠲᠤᠭᠯᠠᠯᠲᠠ ᠢ᠋ᠢᠨ ᠨᠢᠭᠡ ᠪᠤᠯᠤᠨ᠎ᠠ ᠃ ᠲᠣᠰ ᠵᠦᠴᠦᠭᠡ ᠨᠢ 《ᠴᠡᠴᠡᠷᠯᠢᠭ ᠢ᠋ᠢᠡᠷ ᠵᠤᠭᠠᠴᠠᠭᠰᠠᠨ ᠨᠢ》 ᠂ 《ᠵᠡᠭᠦᠳᠦ ᠡᠴᠡ ᠪᠡᠨ ᠰᠤᠴᠢᠨ ᠰᠡᠷᠢᠭᠰᠡᠨ ᠨᠢ》 ᠂ 《ᠵᠢᠡᠭᠬᠢᠨᠢ ᠵᠢᠷᠤᠭᠯᠠᠯ》 ᠂ 《ᠬᠦᠮᠦᠨ ᠤ᠋ ᠶᠢᠷᠳᠢᠨᠴᠦ ᠡᠴᠡ ᠠᠶᠠᠷᠯᠠᠭᠰᠠᠨ ᠨᠢ》 ᠵᠡᠷᠭᠡ ᠠᠭᠤᠯᠭ᠎ᠠ ᠪᠡᠷ ᠰᠢᠵᠢᠮᠯᠡᠵᠤ ᠂ ᠳ᠋ᠦ᠋ ᠯᠢ ᠨᠢᠶᠠᠩ ᠤ᠋ᠨ ᠲᠠᠢᠯᠠᠭᠳᠠᠬᠤᠶᠠ ᠪᠡᠷᠬᠡ ᠰᠡᠳᠭᠢᠯ ᠤ᠋ᠨ ᠭᠤᠨᠢᠭ ᠡᠴᠡ ᠪᠤᠯᠵᠤ ᠭᠠᠡᠭᠰᠠᠷᠠᠭᠰᠠᠭᠠᠷ ᠪᠠᠢᠵᠦ ᠨᠠᠰᠤ ᠪᠠᠷᠠᠭᠰᠠᠨ ᠦᠯᠢᠭᠡᠷ ᠢ᠋ ᠦᠭᠦᠯᠡᠨ ᠂ ᠵᠡᠭᠦᠳᠦ ᠵᠡᠷᠭᠡᠯᠭᠡᠨ ᠪᠣᠯᠤᠨ ᠪᠣᠳᠠᠲᠤ ᠠᠬᠤᠶ ᠢ᠋ᠢ ᠰᠤᠯᠪᠢᠴᠠᠭᠤᠯᠵᠤ ᠂ ᠰᠡᠳᠭᠢᠯᠭᠡ ᠪᠠ ᠶᠤᠰᠤ ᠰᠤᠷᠲᠠᠬᠤᠨ ᠤ᠋ ᠬᠣᠭᠣᠷᠣᠨᠳᠣᠬᠢ ᠵᠥᠷᠢᠴᠡᠯ ᠮᠥᠷᠭᠥᠯᠳᠦᠭᠡᠨ ᠢ᠋ ᠠᠮᠢᠳᠤᠯᠢᠭ ᠢᠯᠡᠷᠡᠭᠦᠯᠤᠨ ᠂ ᠵᠣᠬᠢᠶᠠᠯ ᠤ᠋ᠨ ᠪᠠᠭᠠᠲᠤᠷ ᠤ᠋ᠨ ᠭᠤᠨᠢᠭ᠍ᠲᠤ ᠱᠢᠨᠵᠢ ᠶ᠋ᠢ ᠲᠠᠬᠡᠳᠤ ᠬᠡᠮᠵᠢᠶ᠎ᠠ ᠪᠡᠷ ᠭᠦᠨᠵᠡᠭᠡᠢᠷᠡᠭᠦᠯᠵᠤ᠂ ᠦᠵᠡᠭᠴᠢᠳ ᠲᠤ᠌ ᠬᠢᠵᠠᠭᠠᠯᠠᠰᠢ ᠦᠭᠡᠢ ᠬᠣᠯᠪᠣᠨ ᠪᠤᠳᠤᠯᠳᠠ ᠦᠯᠡᠳᠡᠬᠡᠭᠰᠡᠨ ᠪᠠᠢᠨ᠎ᠠ ᠃
ᠺᠦᠨᠱᠠᠨ ᠵᠦᠴᠦᠭᠡ 《ᠮᠠᠨᠳᠠᠷᠠᠸ᠎ᠠ ᠲᠢᠩᠰᠡ》ᠪᠣᠯ ᠳᠤᠮᠳᠠᠳᠤ ᠤᠯᠤᠰ ᠤ᠋ᠨ ᠲᠦᠷᠦᠭᠦᠤ ᠪᠦᠯᠦᠭ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠰᠣᠩᠭᠣᠳᠠᠭ ᠪᠦᠲᠦᠭᠡᠯ ᠪᠠᠢᠵᠤ ᠂ ᠮᠢᠩ ᠤᠯᠤᠰ ᠤ᠋ᠨ ᠦᠶ᠎ᠠ ᠡᠴᠡ ᠣᠳᠣᠬᠠᠨ ᠪᠤᠯᠳᠠᠯ᠎ᠠ ᠤᠯᠠᠮᠵᠢᠯᠠᠭᠳᠠᠭᠰᠠᠭᠠᠷ ᠢᠷᠡᠭᠰᠡᠨ ᠥᠨᠢᠳᠡ ᠬᠤᠪᠢᠷᠠᠰᠢ ᠦᠭᠡᠶ ᠦᠨ᠎ᠡ ᠴᠡᠨ᠎ᠠ ᠲᠠᠢ ᠤᠷᠠᠯᠢᠭ ᠤ᠋ᠨ ᠤᠬᠢ ᠰᠤᠳᠤᠨ ᠪᠦᠲᠦᠭᠡᠯ ᠪᠤᠯᠤᠨ᠎ᠠ ᠃ ᠤᠯᠠᠮᠵᠢᠯᠠᠯ ᠤ᠋ᠨ ᠠᠳᠠᠯᠢ ᠪᠤᠰᠤ ᠡᠴᠡ ᠪᠣᠯᠵᠤ ᠤᠷᠠᠯᠢᠭ ᠤ᠋ᠨ ᠬᠦᠷᠢᠶᠡᠯᠡᠩ ᠃ 《 ᠡᠨᠡ ᠤᠷᠤᠢ ᠢ᠋ᠢᠨ ᠲᠤᠭᠯᠠᠭᠰᠠᠨ 〈ᠮᠠᠨᠳᠠᠷᠠᠸ᠎ᠠ ᠲᠢᠩᠰᠡ〉 ᠪᠣᠯ ᠵᠢᠶᠠᠩᠰᠦ ᠮᠤᠵᠢ ᠢ᠋ᠢᠨ ᠤᠷᠠᠨ ᠲᠤᠭᠯᠠᠯᠲᠠ ᠢ᠋ᠢᠨ ᠪᠦᠯᠦᠭᠯᠡᠯ ᠤ᠋ᠨ ᠺᠦᠨᠱᠠᠨ ᠵᠦᠴᠦᠭᠡ ᠢ᠋ᠢᠨ ᠬᠦᠷᠢᠶᠡᠯᠡᠩ ᠤ᠋ᠨ ᠥᠪᠡᠷᠮᠢᠴᠡ ᠬᠡᠪᠯᠡᠯ ᠪᠠᠢᠵᠤ ᠂ ᠺᠦᠨᠱᠠᠨ ᠵᠦᠴᠦᠭᠡ ᠢ᠋ᠢᠨ ᠠᠯᠳᠠᠷᠲᠤ ᠤᠷᠠᠯᠢᠭᠴᠢᠨ ᠂〈ᠺᠦᠨᠱᠠᠨ ᠵᠦᠴᠦᠭᠡ ᠢ᠋ᠢᠨ ᠬᠠᠲᠤᠨ〉 ᠵᠠᠩ ᠵᠢᠶ ᠴᠢᠩ ᠡᠴᠡ ᠤᠯᠠᠮᠵᠢᠯᠠᠭᠳᠠᠵᠤ ᠢᠷᠡᠭᠰᠡᠨ ᠂ ᠬᠡᠳᠦᠨ ᠠᠷᠪᠠᠨ ᠵᠢᠯ ᠤ᠋ᠨ ᠲᠤᠭᠯᠠᠯᠲᠠ ᠳᠤᠮᠳᠠ ᠲᠠᠬᠢᠨ ᠲᠠᠪᠳᠠᠨ ᠪᠣᠯᠪᠠᠰᠤᠷᠠᠭᠤᠯᠤᠭᠰᠠᠨ ᠰᠤᠳᠤᠨ ᠬᠡᠪᠯᠡᠯ ᠪᠤᠯᠤᠨ᠎ᠠ ᠃ ᠲᠡᠷᠡ ᠨᠢ ᠺᠦᠨᠱᠠᠨ ᠵᠦᠴᠦᠭᠡ ᠢ᠋ᠢᠨ ᠤᠷᠠᠯᠢᠭ ᠤ᠋ᠨ ᠭᠤᠤ᠎ᠠ ᠰᠠᠢᠬᠠᠨ ᠂ ᠳᠠᠭᠤᠤ ᠬᠥᠭ᠌ᠵᠢᠮ ᠤ᠋ᠨ ᠭᠤᠤ᠎ᠠ ᠰᠠᠢᠬᠠᠨ ᠂ ᠪᠡᠶ᠎ᠡ ᠭᠠᠯᠪᠢᠷ ᠤ᠋ᠨ ᠭᠤᠤ᠎ᠠ ᠰᠠᠢᠬᠠᠨ ᠂ ᠰᠠᠨᠠᠭ᠎ᠠ ᠠᠬᠤᠶ ᠢ᠋ᠢᠨ ᠭᠤᠤ᠎ᠠ ᠰᠠᠢᠬᠠᠨ ᠢ᠋ ᠢᠯᠡᠷᠡᠭᠦᠯᠵᠤ ᠂ ᠡᠴᠢᠨ᠎ᠡ ᠭᠦᠨ ᠬᠠᠢᠷ᠎ᠠ ᠰᠡᠳᠭᠢᠯᠭᠡ ᠢ᠋ᠢ ᠬᠠᠷᠠᠭᠤᠯᠤᠭᠰᠠᠨ ᠶᠤᠮ》 ᠭᠡᠵᠤ ᠵᠢᠶᠠᠩᠰᠦ ᠮᠤᠵᠢ ᠢ᠋ᠢᠨ ᠤᠷᠠᠨ ᠲᠤᠭᠯᠠᠯᠲᠠ ᠢ᠋ᠢᠨ ᠪᠦᠯᠦᠭᠯᠡᠯ ᠤ᠋ᠨ ᠺᠦᠨᠱᠠᠨ ᠵᠦᠴᠦᠭᠡ ᠢ᠋ᠢᠨ ᠬᠦᠷᠢᠶᠡᠯᠡᠩ ᠤ᠋ᠨ ᠳᠠᠷᠤᠭ᠎ᠠ ᠱᠢ ᠰᠢᠶᠠ ᠮᠢᠡᠭ ᠶᠠᠷᠢᠯ᠎ᠠ ᠃
ᠵᠦᠴᠦᠬᠡ ᠦᠨᠳᠤᠷᠯᠡᠯᠠ ᠂ ᠬᠡᠪᠡᠴᠦ ᠦᠵᠡᠭᠴᠢᠳ ᠳ᠋ᠦ᠋ ᠯᠢ ᠨᠢᠶᠠᠩ ᠤ᠋ᠨ ᠭᠤᠨᠢᠭᠳᠤ ᠤᠴᠠᠷᠠᠯ ᠳ᠋ᠤ ᠰᠡᠳᠬᠢᠯ ᠡᠮᠵᠡᠭᠯᠡᠵᠤ ᠤᠳᠠᠳᠠᠯ᠎ᠠ ᠨᠠᠮ ᠰᠠᠭᠤᠭᠰᠠᠨ ᠵᠢᠡᠨ ᠬᠠᠯᠠᠭᠤᠨ ᠵᠢᠨᠷ ᠠᠯᠠᠭ᠎ᠠ ᠲᠠᠱᠢᠵᠤ ᠂ ᠰᠤᠩᠭᠤᠳᠠᠭ ᠪᠦᠳᠦᠬᠡᠯ ᠢ᠋ ᠰᠤᠨᠢᠷᠬᠠᠭᠤᠯᠤᠭᠰᠠᠨ ᠰᠤᠳᠤᠨ ᠤᠷᠠᠯᠢᠭᠴᠢᠳ ᠲᠠᠭᠠᠨ ᠬᠦᠨᠳᠤᠳᠬᠡᠯ ᠲᠡᠪᠰᠢᠬᠦᠯᠦᠯᠠ ᠃ 《 〈ᠮᠠᠨᠳᠠᠷᠠᠸ᠎ᠠ ᠲᠢᠩᠰᠡ〉 ᠶ᠋ᠢ ᠦᠵᠡᠭᠡᠳ ᠰᠤᠡᠭᠭᠤᠳᠠᠭ ᠤᠷᠠᠯᠢᠭ ᠤ᠋ᠨ ᠭᠠᠢᠬᠠᠮᠰᠢᠭ ᠢ᠋ ᠮᠡᠳᠡᠷᠡᠵᠤ ᠂ ᠰᠢ ᠵᠦᠴᠦᠭᠡ ᠢ᠋ᠢᠨ ᠰᠤᠶᠤᠯ ᠢ᠋ ᠨᠡᠡᠭ ᠢᠯᠡᠭᠦᠤ ᠤᠢᠯᠠᠭᠠᠶᠠ ᠭᠡᠰᠡᠨ ᠪᠤᠳᠤᠯ ᠤᠷᠤᠯ᠎ᠠ ᠃ ᠮᠠᠨ ᠤ᠋ ᠵᠠᠯᠠᠭᠤ ᠨᠢᠭᠡ ᠦᠶ᠎ᠠ ᠢ᠋ᠢᠨ ᠬᠢᠨ ᠳᠤᠮᠳᠠᠳᠤ ᠢ᠋ᠢᠨ ᠦᠨᠳᠦᠰᠦᠲᠡᠨ ᠤ᠋ ᠤᠯᠠᠮᠵᠢᠯᠠᠯᠳᠤ ᠰᠢᠯᠢᠳᠡᠭ ᠰᠤᠶᠤᠯ ᠢ᠋ᠢᠡᠨ ᠤᠯᠠᠮ ᠢᠯᠡᠭᠦᠤ ᠨᠡᠨᠳᠢᠩᠨᠠᠵᠤ ᠂ ᠬᠦᠨᠵᠡᠬᠡᠢ ᠤᠢᠯᠠᠭᠠᠵᠤ ᠡᠵᠡᠮᠰᠢᠨ ᠂ ᠵᠠᠯᠭᠠᠮᠵᠢᠯᠡᠨ ᠪᠠᠳᠠᠷᠠᠭᠤᠯᠵᠤ ᠶᠠᠪᠤᠪᠠᠯ ᠵᠤᠬᠢᠨ᠎ᠠ 》 ᠭᠡᠵᠤ ᠦᠵᠡᠭᠴᠢ ᠮᠸᠢ ᠯᠢᠨ ᠰᠤᠷᠪᠤᠯᠵᠢᠯᠠᠭᠴᠢ ᠳ᠋ᠤ ᠤᠴᠢᠷᠯᠡᠯᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃