ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-16 11:08:38

ᠵᠣᠬᠢᠶᠠᠭ᠍ᠴᠢ᠄ ᠦᠨᠢᠷ ᠴᠤᠪᠤᠭᠤ ᠣᠩᠱᠢᠭ᠍ᠰᠠᠨ ᠣᠳᠠᠭ᠎ᠠ᠄ 3

《ᠲᠦᠷ ᠪᠠᠢᠵᠠ᠂ ᠪᠢ ᠪᠤᠯ ᠲᠡᠬᠦᠨ ᠤ᠋ ᠬᠠᠤᠯᠢᠴᠢ᠂ ᠨᠠᠳᠠ ᠳ᠋ᠤ ᠪᠠᠰᠠ ᠬᠡᠯᠡᠬᠦ ᠦᠬᠡ ᠪᠠᠢᠨ᠎ᠠ ᠁》

ᠰᠡᠳᠬᠢᠯᠬᠡ ᠪᠢᠯᠬᠠᠮ᠎ᠠ ᠵᠦᠴᠦᠬᠡ ᠵᠢᠨ ᠦᠬᠡ ᠨᠤᠬᠦᠳ ᠠᠬᠤᠢ ᠲᠠᠯᠠᠪᠠᠢ ᠵᠢᠨ ᠦᠵᠡᠭᠴᠢᠳ᠎ᠤᠨ ᠰᠡᠳᠬᠢᠯ ᠢ᠋ ᠦᠪᠡᠷ ᠤ᠋ᠨ ᠡᠷᠬᠡ ᠦᠬᠡᠢ ᠲᠡᠷᠡ ᠬᠦ᠌ ᠤᠯᠤᠰ ᠤᠷᠤᠨ ᠠᠷᠠᠳ ᠲᠦᠮᠡᠨ ᠢ᠋ ᠭᠠᠰᠠᠯᠠᠩ ᠵᠤᠪᠠᠯᠠᠩ ᠡᠴᠡ ᠠᠪᠤᠷᠠᠬᠤ ᠵᠢᠨ ᠲᠦᠯᠦᠬᠡ ᠴᠢᠰᠤᠨ ᠪᠠᠢᠯᠳᠤᠭᠠᠨ ᠬᠢᠵᠤ ᠡᠷᠡᠯᠬᠡᠭᠯᠡᠨ ᠲᠡᠮᠡᠴᠡᠵᠤ ᠪᠠᠢᠭᠰᠠᠨ ᠬᠤᠪᠢᠰᠬᠠᠯ ᠤ᠋ᠨ ᠤᠨ ᠰᠠᠷ᠎ᠠ ᠳ᠋ᠤ ᠠᠪᠠᠴᠢᠯ᠎ᠠ ᠃

7 ᠰᠠᠷ᠎ᠠ ᠢ᠋ᠢᠨ 15 ᠤ᠋ ᠤᠷᠤᠢ᠂ ᠪᠤᠭᠤᠲᠤ ᠬᠣᠲᠠ ᠢ᠋ᠢᠨ ᠤᠷᠠᠯᠢᠭ ᠵᠦᠴᠦᠭᠡ ᠢ᠋ᠢᠨ ᠬᠦᠷᠢᠶᠡᠯᠡᠩ ᠤ᠋ᠨ ᠬᠢᠨ ᠶᠠᠷᠢᠶᠠᠲᠤ ᠵᠦᠴᠦᠭᠡ 《ᠰᠢᠳᠤᠷᠭᠤ ᠶᠤᠰᠤᠨ ᠤ᠋ ᠦᠮᠦᠭᠯᠡᠯ》 ᠢ᠋ ᠦᠪᠦᠷ ᠮᠤᠡᠭᠭᠤᠯ ᠤ᠋ᠨ ᠤᠷᠠᠯᠢᠭ ᠵᠦᠴᠦᠭᠡ ᠢ᠋ᠢᠨ ᠬᠦᠷᠢᠶᠡᠯᠡᠡᠭ ᠳ᠋ᠤ ᠲᠤᠭᠯᠠᠯ᠎ᠠ ᠃ ᠲᠤᠰ ᠵᠦᠴᠦᠬᠡ ᠪᠤᠯ ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠤᠷᠤᠨ ᠤ᠋ ᠲᠤᠳᠤᠷᠠᠬᠢ ᠰᠢᠯᠢᠳᠡᠭ ᠪᠦᠳᠦᠬᠡᠯ ᠤ᠋ᠨ ᠦᠵᠡᠬᠦᠯᠬᠡ ᠵᠢᠨ ᠨᠢᠬᠡ ᠪᠤᠯᠬᠤ ᠶᠤᠮ᠃ ᠶᠠᠷᠢᠶᠠᠲᠤ ᠵᠦᠴᠦᠭᠡ 《ᠱᠢᠳᠤᠷᠭᠤ ᠶᠣᠰᠣᠨ ᠤ᠋ ᠦᠮᠦᠭᠯᠡᠯ》 ᠳ᠋ᠤ ᠬᠤᠪᠢᠰᠭᠠᠯ ᠤ᠋ᠨ ᠲᠦᠯᠦᠬᠡ ᠪᠠᠶ᠎ᠠ ᠦᠷᠡᠭᠳᠡᠭᠰᠡᠨ ᠪᠠᠭᠠᠳᠤᠷ ᠸᠠᠩ ᠷᠦᠸᠸ ᠹᠸᠢ 1931 ᠣᠨ ᠳ᠋ᠤ ᠪᠤᠭᠤᠲᠤ ᠳ᠋ᠤ ᠪᠠᠷᠢᠪᠴᠢᠯᠠᠭ᠍ᠳᠠᠭ᠍ᠰᠠᠨ ᠤ᠋ ᠳᠠᠷᠠᠭ᠎ᠠ᠂ ᠭᠢᠨᠳᠠᠨ ᠲᠤᠳᠤᠷ᠎ᠠ ᠳᠠᠢᠰᠤᠨ ᠲᠠᠶ ᠡᠷᠡᠯᠬᠡᠭ᠌ᠯᠡᠨ ᠲᠡᠮᠡᠴᠡᠭᠰᠡᠨ ᠬᠤᠪᠢᠰᠭᠠᠯ ᠤ᠋ᠨ ᠥᠩᠭᠡᠷᠡᠯᠲᠡ ᠵᠢᠴᠢ ᠸᠠᠩ ᠷᠦᠸᠸ ᠹᠸᠢ ᠵᠢᠨ ᠠᠭᠤᠤ ᠶᠡᠬᠡ ᠬᠤᠪᠢᠰᠬᠠᠯᠳᠤ ᠵᠤᠷᠢᠭ ᠰᠠᠨᠠᠭᠠᠨ ᠤ᠋ ᠨᠦᠯᠦᠬᠡᠯᠡᠯ ᠵᠢᠡᠷ ᠥᠮᠥᠭ᠌ᠯᠡᠬᠦ ᠬᠠᠤᠯᠢᠴᠢ ᠸᠠᠩ ᠯᠦᠩ ᠵᠢᠶᠠᠩ ᠤ᠋ᠨ ᠱᠢᠳᠤᠷᠭᠤ ᠶᠣᠰᠣᠨ ᠤ᠋ ᠲᠥᠯᠥᠭᠡ ᠡᠷᠡᠰ ᠱᠢᠭᠤᠷᠬᠠᠢ ᠥᠮᠥᠭ᠌ᠯᠡᠯ ᠬᠢᠭᠰᠡᠨ ᠦᠯᠢᠭᠡᠷ ᠢ᠋ ᠲᠤᠭᠠᠴᠢᠵᠤ᠂ ᠳᠤᠮᠳᠠᠳᠤ ᠤᠯᠤᠰ ᠤ᠋ᠨ ᠡᠪ ᠬᠠᠮᠲᠤᠴᠤᠳ ᠤ᠋ᠨ ᠤᠯᠤᠰ ᠤᠷᠤᠨ ᠠᠷᠠᠳ ᠲᠦᠮᠡᠨ ᠤ᠋ ᠪᠡᠨ ᠲᠦᠯᠦᠭᠡ ᠦᠷᠡᠭᠳᠡᠯ ᠰᠤᠢᠳᠤᠯ ᠡᠴᠡ ᠠᠶᠤᠬᠤ ᠦᠬᠡᠢ ᠡᠷᠡᠯᠬᠡᠭᠯᠡᠨ ᠲᠡᠮᠡᠴᠡᠭᠰᠡᠨ ᠱᠢᠳᠤᠷᠭᠤ ᠶᠣᠰᠣᠨ ᠤ᠋ ᠠᠶᠠᠯᠠᠯ ᠢ᠋ ᠬᠦᠦᠷᠨᠢᠭᠰᠡᠨ ᠪᠠᠢᠨ᠎ᠠ ᠃

《ᠸᠠᠩ ᠷᠦᠸᠸ ᠹᠸᠢ ᠨᠥᠬᠥᠷ ᠢ᠋ ᠲᠣᠭ᠍ᠯᠠᠬᠤ ᠡᠴᠡ ᠡᠮᠦᠨ᠎ᠡ ᠪᠢ ᠶᠡᠬᠡ ᠬᠡᠮᠵᠢᠶᠡᠨ ᠤ᠋ ᠮᠠᠲ᠋ᠧᠷᠢᠶᠠᠯ ᠤᠷᠪᠠᠭᠤᠯᠵᠤ ᠲᠡᠭᠦᠨ ᠤ᠋ ᠠᠵᠢᠯ ᠠᠮᠢᠳᠤᠷᠠᠯ ᠤ᠋ᠨ ᠪᠠᠢᠳᠠᠯ ᠪᠠ ᠬᠤᠪᠢᠰᠬᠠᠯᠳᠤ ᠵᠣᠷᠢᠭ ᠰᠠᠨᠠᠭ᠎ᠠ ᠢ᠋ᠢ ᠣᠢᠯᠠᠭᠠᠵᠤ ᠠᠪᠤᠯ᠎ᠠ᠃ ᠡᠪ ᠬᠠᠮᠲᠤ ᠵᠢᠨ ᠢᠲᠡᠭᠡᠯ ᠪᠢᠱᠢᠷᠡᠯ ᠲᠠᠢ ᠪᠤᠯᠬᠤᠷ ᠲᠡᠳᠡ ᠨᠤᠭᠤᠷᠠᠯ ᠪᠦᠳᠦᠷᠢᠯ ᠤ᠋ᠨ ᠳᠤᠮᠳᠠ᠂ ᠦᠬᠦᠵᠦ᠍ ᠰᠡᠭᠡᠬᠦ᠌ ᠵᠢᠨ ᠲᠠᠪᠠᠭᠠᠨ ᠲᠠᠬᠡᠷ᠎ᠠ ᠮᠦᠨ ᠬᠦ᠌ ᠬᠠᠳᠠ ᠴᠢᠯᠠᠭᠤ ᠮᠡᠲᠦ ᠬᠠᠳᠠᠨ ᠪᠠᠲᠤ ᠪᠠᠢᠳᠠᠭ ᠶᠤᠮ》 ᠭᠡᠵᠦ᠍ ᠸᠠᠩ ᠷᠦᠸᠸ ᠹᠸᠢ ᠢ᠋ᠢ ᠲᠤᠭᠯᠠᠭᠰᠠᠨ ᠵᠠᠯᠠᠭᠤ ᠲᠣᠭ᠍ᠯᠠᠭ᠍ᠴᠢ ᠵᠠᠩ ᠸᠧᠢ ᠶᠠᠷᠢᠵᠤ ᠪᠠᠢᠯ᠎ᠠ ᠃

ᠢᠲᠡᠭᠡᠯ ᠪᠢᠰᠢᠷᠡᠯ ᠤ᠋ᠨ ᠬᠦᠴᠦᠨ ᠳ᠋ᠤ ᠬᠦᠮᠦᠵᠢᠭᠳᠡᠵᠤ᠂ ᠢᠳᠡᠭᠡᠯ ᠪᠢᠰᠢᠷᠡᠯ ᠤ᠋ᠨ ᠲᠦᠯᠦᠭᠡ ᠵᠢᠳᠬᠦᠨ᠎ᠠ᠃ 《ᠲᠤᠰ ᠵᠦᠴᠦᠭᠡ ᠳ᠋ᠤ ᠠᠭᠤᠤ ᠶᠡᠬᠡ ᠢᠲᠡᠭᠡᠯ ᠪᠢᠱᠢᠷᠡᠯ ᠤ᠋ᠨ ᠨᠦᠯᠦᠭᠡᠯᠡᠯ ᠳᠤᠤᠷᠠᠬᠢ ᠨᠢᠬᠡᠨ ᠥᠮᠥᠭ᠌ᠯᠡᠬᠦ ᠬᠠᠤᠯᠢᠴᠢ ᠢ᠋ᠢᠨ ᠣᠶᠤᠨ ᠰᠠᠨᠠᠭᠠᠨ ᠤ᠋ ᠦᠰᠦᠨ ᠪᠣᠢᠵᠢᠯᠲᠠ ᠢ᠋ᠢ ᠲᠡᠮᠳᠡᠭᠯᠡᠪᠠ ᠃ ᠸᠠᠩ ᠷᠦᠸᠸ ᠹᠸᠢ ᠵᠢᠨ ᠦᠢᠯᠡ ᠠᠵᠢᠯᠯᠠᠭ᠎ᠠ᠂ ᠵᠣᠷᠢᠭ ᠰᠠᠨᠠᠭ᠎ᠠ᠂ ᠢᠲᠡᠭᠡᠯ ᠪᠢᠱᠢᠷᠡᠯ ᠳ᠋ᠤ ᠨᠦᠯᠦᠭᠡᠯᠡᠭᠳᠡᠵᠤ᠂ ᠲᠡᠬᠦᠨ ᠤ᠋ ᠬᠡᠯᠡᠭ᠌ᠰᠡᠨ 〈ᠢᠮᠠᠭᠲᠠ ᠠᠷᠠᠳ ᠲᠦᠮᠡᠨ ᠤ᠋ ᠲᠥᠯᠥᠭᠡ ᠪᠣᠳᠣᠯᠬᠢᠯᠠᠬᠤ ᠬᠡᠷᠡᠭ᠌ᠲᠡᠢ〉 ᠬᠡᠰᠡᠨ ᠦᠭᠡ ᠢ᠋ᠢ ᠭᠦᠢᠴᠡᠳ ᠣᠢᠯᠠᠭᠠᠭᠰᠠᠨ ᠸᠠᠩ ᠯᠦᠩ ᠵᠢᠶᠠᠩ ᠤ᠋ᠨ ᠦᠵᠡᠯ ᠰᠠᠨᠠᠭᠠᠨ ᠳ᠋ᠤ ᠠᠭᠠᠵᠢᠮ ᠵᠢᠡᠷ ᠬᠤᠪᠢᠷᠠᠯᠳᠠ ᠭᠠᠷᠴᠦ᠂ ᠡᠴᠦᠰ ᠲᠠᠬᠡᠨ ᠰᠢᠳᠤᠷᠭᠤ ᠶᠤᠰᠤᠨ ᠤ᠋ ᠲᠦᠯᠦᠬᠡ ᠦᠮᠦᠭᠯᠡᠯ ᠬᠢᠵᠠᠢ᠃ ᠡᠨᠡ ᠪᠣᠯ ᠳᠠᠷᠤᠢ ᠢᠲᠡᠭᠡᠯ ᠪᠢᠱᠢᠷᠡᠯ ᠤ᠋ᠨ ᠬᠦᠴᠦᠨ ᠶᠤᠮ》 ᠭᠡᠵᠦ᠍ ᠸᠠᠩ ᠯᠦᠩ ᠵᠢᠶᠠᠩ᠎ᠢ ᠲᠤᠭᠯᠠᠭᠰᠠᠨ ᠵᠠᠯᠠᠭᠤ ᠲᠣᠭ᠍ᠯᠠᠭ᠍ᠴᠢ ᠶᠠᠩ ᠢ ᠬᠡᠯᠡᠨ᠎ᠠ ᠃

《ᠲᠣᠰ ᠵᠦᠴᠦᠭᠡ ᠨᠢ ᠪᠥᠵᠢᠭ᠂ ᠬᠡᠷᠡᠯ᠂ ᠳᠠᠭᠤᠤ᠂ ᠬᠥᠭ᠌ᠵᠢᠮ ᠪᠤᠯᠤᠨ ᠲᠣᠭ᠍ᠯᠠᠭ᠍ᠴᠢᠳ ᠤ᠋ᠨ ᠡᠪᠳᠡᠢ ᠬᠠᠮᠵᠢᠯᠴᠠᠭ᠎ᠠ ᠪᠠᠷ ᠳᠠᠮᠵᠢᠨ ᠪᠢᠳᠡᠨ ᠳ᠋ᠤ ᠬᠤᠪᠢᠰᠭᠠᠯ ᠤ᠋ᠨ ᠲᠦᠯᠦᠬᠡ ᠪᠠᠶ᠎ᠠ ᠦᠷᠡᠭ᠌ᠳᠡᠭ᠌ᠰᠡᠨ ᠪᠠᠭᠠᠲᠤᠷᠴᠤᠳ ᠤ᠋ᠨ ᠢᠲᠡᠭᠡᠯ ᠪᠢᠱᠢᠷᠡᠯ ᠪᠠ ᠡᠬᠡ ᠣᠷᠣᠨᠴᠢ ᠬᠠᠢᠷ᠎ᠠ ᠰᠡᠳᠭᠢᠯᠭᠡ ᠢ᠋ᠢ ᠨᠠᠩ ᠭᠦᠨᠵᠡᠭᠡᠶ ᠮᠡᠳᠡᠷᠡᠭᠦᠯᠵᠦ᠍᠂ ᠤᠯᠤᠰ ᠣᠷᠣᠨ ᠠᠷᠠᠳ ᠲᠦᠮᠡᠨ ᠤ᠋ ᠪᠠᠨ ᠲᠥᠯᠥᠭᠡ ᠠᠮᠢ ᠨᠠᠰᠤ ᠠᠯᠢᠪᠠ ᠪᠡᠨ ᠵᠤᠷᠢᠭᠤᠯᠤᠭᠰᠠᠨ ᠬᠤᠪᠢᠰᠬᠠᠯᠳᠤ ᠵᠣᠷᠢᠭ ᠰᠠᠨᠠᠭ᠎ᠠ ᠢ᠋ᠢ ᠨᠡᠩ ᠪᠤᠳᠠᠳᠠᠢ ᠤᠢᠯᠠᠭᠠᠭᠤᠯᠤᠭᠰᠠᠨ ᠶᠤᠮ᠃ ᠲᠡᠳᠡ ᠪᠠᠢᠭᠰᠠᠨ ᠡᠴᠡ ᠪᠢᠳᠡ ᠰᠠᠶᠢ ᠤᠳᠤ ᠵᠢᠨ ᠵᠣᠯ ᠵᠢᠷᠭᠠᠯᠲᠤ ᠠᠮᠢᠳᠤᠷᠠᠯ ᠢ᠋ ᠡᠳ᠋ᠯᠡᠵᠤ ᠪᠠᠢᠨ᠎ᠠ》 ᠭᠡᠵᠦ᠍ ᠵᠦᠴᠦᠬᠡ ᠵᠢ ᠰᠤᠨᠢᠷᠬᠠᠭᠰᠠᠨ ᠦᠵᠡᠭᠴᠢᠳ ᠪᠤᠳᠤᠯ ᠲᠦᠷᠦᠭᠳᠡᠯ ᠵᠢᠡᠨ ᠢᠯᠡᠳᠬᠡᠵᠡᠬᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面