2023-07-17 11:26:26

ᠬᠣᠭᠣᠷ ᠬᠦᠭᠵᠢᠮ ᠬᠠᠩᠬᠢᠨᠠᠭᠣᠯᠣᠨ ᠬᠣᠪᠢᠰᠬᠠᠯ ᠤ᠋ᠨ ᠦᠯᠢᠭᠡᠷ ᠢ᠋ ᠣᠯᠠᠮᠵᠢᠯᠠᠨ᠎ᠠ᠃ 7 ᠰᠠᠷ᠎ᠠ ᠵᠢᠨ 16 ᠤ᠋ ᠣᠷᠣᠢ᠂ ᠣᠯᠠᠭᠠᠨᠴᠠᠪ ᠬᠣᠲᠠ ᠵᠢᠨ ᠴᠠᠬᠠᠷ ᠪᠠᠷᠠᠭᠣᠨ ᠭᠠᠷᠣᠨ ᠲᠣᠮᠲᠠᠲᠣ ᠬᠣᠰᠢᠭᠣᠨ ᠤ᠋ ᠣᠯᠠᠭᠠᠨᠮᠦᠢ᠍ᠴᠢᠷ ᠡᠴᠡ ᠵᠡᠬᠦᠨ ᠵᠠᠮ ᠤ᠋ᠨ ᠡᠯ ᠿᠸᠨ ᠲᠠᠢ ᠵᠦᠴᠦᠭᠡ 《ᠬᠣᠩᠬᠣᠷ ᠤ᠋ᠨ ᠭᠠᠯ ᠹᠷᠣᠨᠲ》 ᠢ᠋ ᠬᠦᠬᠡᠬᠣᠲᠠ ᠵᠢᠨ ᠦᠨᠳᠦᠰᠦᠲᠡᠨ ᠤ᠋ ᠲᠢᠶᠠᠲ᠋ᠷ ᠲᠦ᠍ ᠲᠣᠬᠯᠠᠵᠦ ᠦᠵᠡᠬᠦᠯᠪᠡ᠃

ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ · ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠲᠣᠬᠯᠠᠯᠲᠠ ᠵᠢᠨ ᠨᠢᠭᠡ ᠪᠣᠯᠬᠣ 《ᠬᠣᠩᠬᠣᠷ ᠤ᠋ᠨ ᠭᠠᠯ ᠹᠷᠣᠨᠲ》 ᠬᠡᠮᠡᠬᠦ ᠵᠦᠴᠦᠭᠡ ᠨᠢ ᠲᠠᠯᠠᠨ ᠬᠠᠷ᠎ᠠ ᠠᠭᠣᠯᠠ ᠵᠢᠨ ᠶᠠᠫᠣᠨ ᠢ᠋ ᠡᠰᠡᠷᠬᠦᠴᠡᠬᠦ ᠰᠠᠭᠣᠷᠢᠨ ᠭᠠᠵᠠᠷ ᠵᠢᠡᠷ ᠲᠡᠦᠬᠡᠨ ᠠᠬᠣᠢ ᠪᠣᠯᠭᠠᠵᠦ᠂ ᠲᠣᠬᠠᠢ ᠵᠢᠨ ᠭᠠᠵᠠᠷ ᠤ᠋ᠨ ᠶ᠋ᠢᠡᠨ ᠬᠣᠪᠢᠰᠬᠠᠯ ᠤ᠋ᠨ ᠲᠡᠦᠬᠡ ᠰᠣᠶᠣᠯ ᠤ᠋ᠨ ᠡᠬᠢ ᠪᠠᠶᠠᠯᠢᠬ ᠢ᠋ ᠬᠦᠨᠵᠡᠭᠡᠢ ᠠᠭᠣᠲᠠᠯᠣᠨ᠂ ᠮᠠᠦ ᠲᠡᠷᠢᠬᠦᠯᠡᠭᠴᠢ ᠲᠠᠢ ᠠᠭᠣᠯᠵᠠᠵᠦ ᠦᠩᠭᠡᠷᠡᠭᠰᠡᠨ ᠶᠠᠫᠣᠨ ᠢ᠋ ᠡᠰᠡᠷᠬᠦᠴᠡᠭᠰᠡᠨ ᠪᠠᠭᠠᠲᠣᠷ ᠦ᠋ ᠼᠸ ᠯᠣᠣ ᠵᠡᠷᠭᠡ ᠲᠡᠦᠬᠡᠲᠦ ᠬᠦᠮᠦᠰ ᠤ᠋ᠨ ᠦᠯᠢᠭᠡᠷ ᠶ᠋ᠢᠡᠷ ᠣᠣᠯ ᠲᠦᠷᠢ ᠪᠣᠯᠭᠠᠵᠦ᠂ ᠮᠠᠨ ᠤ᠋ ᠨᠠᠮ ᠤ᠋ᠨ ᠨᠢᠭᠣᠴᠠ ᠵᠣᠬᠢᠶᠠᠨ ᠪᠠᠢᠭᠣᠯᠣᠯᠲᠠ ᠡᠴᠡ ᠶᠠᠫᠣᠨ ᠢ᠋ ᠡᠰᠡᠷᠬᠦᠴᠡᠬᠦ ᠦᠨᠳᠦᠰᠦᠲᠡᠨ ᠤ᠋ ᠨᠢᠭᠡᠲᠦᠮᠡᠯ ᠹᠷᠣᠨᠲ ᠤ᠋ᠨ ᠲᠦᠷᠦ ᠵᠢᠨ ᠪᠣᠲᠣᠯᠭ᠎ᠠ ᠵᠢ ᠬᠡᠷᠡᠭᠵᠢᠬᠦᠯᠵᠦ᠂ ᠡᠮᠦᠨ᠎ᠡ ᠹᠷᠣᠨᠲ ᠢ᠋ ᠲᠡᠮᠵᠢᠬᠦ ᠡᠳ᠋ ᠪᠣᠲᠠᠰ ᠢ᠋ ᠨᠢᠭᠣᠴᠠ ᠪᠡᠷ ᠪᠡᠯᠡᠳᠭᠡᠨ ᠲᠡᠭᠡᠭᠡᠪᠦᠷᠢᠯᠡᠵᠦ᠂ ᠲᠣᠮᠲᠠᠲᠣ ᠣᠯᠣᠰ ᠤ᠋ᠨ ᠡᠪ ᠬᠠᠮᠲᠣ ᠨᠠᠮ ᠤ᠋ᠨ ᠰᠦᠢᠶᠣᠸᠠᠨ ᠮᠣᠵᠢ ᠵᠢᠨ ᠬᠣᠷᠢᠶ᠎ᠠ ᠵᠢᠨ ᠱᠦᠵᠢ ᠪᠠᠢ ᠷᠦ ᠪᠢᠩ ᠢ᠋ ᠬᠠᠮᠠᠭᠠᠯᠠᠨ ᠶᠠᠨ ᠠᠨ ᠳ᠋ᠦ ᠰᠣᠷᠣᠯᠴᠠᠬᠣ ᠪᠡᠷ ᠬᠦᠷᠭᠡᠭᠰᠡᠨ ᠵᠡᠷᠭᠡ ᠦᠯᠢᠭᠡᠷ ᠢ᠋ ᠣᠷᠠᠯᠢᠬ ᠶ᠋ᠢᠡᠷ ᠢᠯᠡᠷᠡᠬᠦᠯᠵᠦ᠂ ᠡᠭᠡᠲᠡᠷᠡᠭᠡᠨ ᠪᠣᠲᠣᠯᠢᠶᠠᠨᠲᠠᠢ ᠦᠢᠯᠡ ᠶᠠᠪᠣᠲᠠᠯ ᠤ᠋ᠨ ᠲᠣᠮᠲᠠ ᠣᠯᠠᠨ ᠲᠦᠮᠡᠨ ᠳ᠋ᠦ ᠬᠣᠪᠢᠰᠬᠠᠯ ᠤ᠋ᠨ ᠬᠦᠮᠦᠵᠢᠯ ᠬᠦᠷᠲᠡᠭᠡᠬᠦ ᠵᠢ ᠵᠣᠷᠢᠬᠰᠠᠨ ᠪᠠᠢᠨ᠎ᠠ᠃

《〈ᠬᠣᠩᠬᠣᠷ ᠤ᠋ᠨ ᠭᠠᠯ ᠹᠷᠣᠨᠲ〉 ᠵᠦᠴᠦᠭᠡ ᠵᠢ ᠪᠢᠲᠡ 2021 ᠤᠨ ᠳ᠋ᠦ ᠠᠩᠬ᠎ᠠ ᠲᠣᠬᠯᠠᠵᠦ᠂ ᠣᠯᠠᠨ ᠲᠦᠮᠡᠨ ᠤ᠋ ᠬᠠᠯᠠᠭᠣᠨ ᠬᠦᠷᠢᠶᠡᠯᠡᠯ ᠢ᠋ ᠣᠯᠵᠠᠢ᠃ ᠲᠡᠭᠡᠭᠡᠳ ᠨᠢᠲᠦᠨᠦᠨ ᠵᠦᠴᠦᠭᠡ ᠳ᠋ᠦ ᠲᠠᠬᠢᠨ ᠵᠠᠰᠠᠯᠲᠠ ᠬᠢᠵᠦ᠂ ᠣᠣᠯ ᠤ᠋ᠨ ᠲᠠᠪᠢᠨ ᠮᠢᠨᠦᠢ᠍ᠲ ᠤ᠋ᠨ ᠵᠢᠵᠢᠭ ᠵᠦᠴᠦᠭᠡ ᠪᠠᠢᠬᠰᠠᠨ ᠢ᠋ ᠶᠡᠬᠡ ᠵᠦᠴᠦᠭᠡ ᠪᠣᠯᠭᠠᠬᠰᠠᠨ ᠶᠣᠮ᠃ ᠦᠨᠡᠨ ᠢ᠋ ᠬᠡᠯᠡᠪᠡᠯ ᠡᠯ ᠿᠸᠨ ᠲᠠᠢ ᠵᠦᠴᠦᠭᠡ ᠪᠣᠯᠣᠨ ᠵᠡᠬᠦᠨ ᠵᠠᠮ ᠤ᠋ᠨ ᠡᠯ ᠿᠸᠨ ᠲᠠᠢ ᠵᠦᠴᠦᠭᠡ ᠪᠣᠯ ᠠᠲᠠᠯᠢ ᠪᠣᠰᠣ ᠵᠦᠴᠦᠭᠡ ᠵᠢᠨ ᠬᠡᠯᠪᠡᠷᠢ ᠪᠠᠢᠵᠦ᠂ ᠲᠠᠭᠣᠣ ᠬᠦᠭᠵᠢᠮ ᠪᠣᠯᠣᠨ ᠵᠦᠴᠦᠭᠡ ᠵᠢᠨ ᠢᠯᠡᠷᠡᠬᠦᠯᠬᠦ ᠬᠡᠯᠪᠡᠷᠢ ᠵᠡᠷᠭᠡ ᠲᠠᠯ᠎ᠠ ᠪᠡᠷ ᠪᠦᠷ ᠢᠯᠭᠠᠬᠲᠠᠲᠠᠬ᠃ ᠪᠢᠳᠡ ᠲᠤᠰ ᠵᠦᠴᠦᠭᠡ ᠪᠡᠷ ᠲᠠᠮᠵᠢᠨ ᠨᠢᠭᠡ ᠲᠠᠯ᠎ᠠ ᠪᠡᠷ ᠬᠣᠪᠢᠰᠬᠠᠯ ᠤ᠋ᠨ ᠦᠯᠢᠭᠡᠷ ᠢ᠋ ᠣᠯᠠᠮᠵᠢᠯᠠᠵᠦ᠂ ᠨᠦᠬᠦᠭᠡ ᠲᠠᠯ᠎ᠠ ᠪᠡᠷ ᠵᠡᠬᠦᠨ ᠵᠠᠮ ᠤ᠋ᠨ ᠡᠯ ᠿᠸᠨ ᠲᠠᠢ ᠵᠦᠴᠦᠭᠡ ᠪᠠᠨ ᠣᠯᠠᠨ ᠳ᠋ᠦ ᠮᠡᠲᠡᠷᠡᠬᠦᠯᠵᠦ ᠣᠬᠠᠭᠣᠯᠬᠣ ᠵᠢ ᠬᠦᠰᠡᠵᠠᠢ》 ᠭᠡᠵᠦ 《ᠬᠣᠩᠬᠣᠷ ᠤ᠋ᠨ ᠭᠠᠯ ᠹᠷᠣᠨᠲ》 ᠵᠦᠴᠦᠭᠡ ᠵᠢᠨ ᠣᠲᠣᠷᠢᠲᠣᠭᠠᠴᠢ᠂ ᠣᠯᠣᠰ ᠤ᠋ᠨ ᠲᠡᠰ ᠤ᠋ᠨ ᠪᠣᠲᠠᠰ ᠤ᠋ᠨ ᠪᠣᠰᠣ ᠰᠣᠶᠣᠯ ᠤ᠋ᠨ ᠦᠪ ᠤ᠋ᠨ ᠣᠯᠠᠮᠵᠢᠯᠠᠬᠴᠢ ᠹᠸᠩ ᠯᠠᠢ ᠰᠦᠸᠸ ᠶᠠᠷᠢᠵᠦ ᠪᠠᠢᠯ᠎ᠠ᠃

《ᠰᠤᠶᠤᠯ ᠤ᠋ᠨ ᠨᠠᠢᠷ ᠵᠢᠡᠷ ᠲᠠᠮᠵᠢᠨ ᠦᠵᠡᠭᠴᠢᠳ ᠲᠦ᠍ ᠦᠪᠡᠷ ᠤ᠋ᠨ ᠵᠢᠡᠨ ᠬᠠᠮᠣᠬ ᠤ᠋ᠨ ᠰᠢᠯᠢᠲᠡᠭ ᠪᠦᠲᠦᠭᠡᠯ ᠶ᠋ᠢᠡᠨ ᠰᠣᠨᠢᠷᠬᠠᠭᠣᠯᠬᠣ ᠵᠢᠨ ᠲᠦᠯᠦᠭᠡ ᠪᠢᠲᠡ ᠰᠠᠷ᠎ᠠ ᠭᠠᠷᠣᠢ ᠠᠮᠠᠷᠠᠭᠰᠠᠨ ᠦᠭᠡᠢ ᠪᠣᠯᠪᠠᠰᠣᠷᠠᠵᠦ ᠢᠷᠡᠭᠰᠡᠨ ᠪᠢᠯᠡ᠃ ᠮᠢᠨᠦ ᠲᠣᠬᠯᠠᠬᠰᠠᠨ ᠳ᠋ᠠ ᠰᠢ ᠵᠢᠨ ᠲᠦᠷᠢ ᠪᠤᠯ ᠡᠬᠢᠨ ᠳ᠋ᠡᠭᠡᠨ ᠵᠦᠪ ᠲᠠᠯ᠎ᠠ ᠵᠢᠨ ᠲᠦᠷᠢ ᠪᠠᠢᠬᠰᠠᠨ ᠡᠴᠡ ᠪᠠᠨ ᠰᠡᠬᠦᠯᠡᠷ ᠨᠢ ᠶᠠᠫᠣᠨ ᠡᠵᠡᠷᠬᠡᠭ ᠲᠦᠷᠢᠮᠡᠬᠡᠢᠲᠡᠨ ᠤ᠋ ᠠᠯᠪᠠᠲᠠᠯᠭ᠎ᠠ ᠰᠢᠬᠠᠮᠲᠠᠭᠣᠯᠭᠠ ᠵᠢ ᠲᠡᠰᠴᠦ ᠲᠡᠢᠯᠦᠭᠰᠡᠨ ᠦᠬᠡᠢ ᠬᠣᠪᠢᠰᠬᠠᠯ ᠡᠴᠡ ᠣᠷᠪᠠᠵᠦ ᠬᠣᠶᠠᠷ ᠨᠢᠭᠣᠷᠲᠠᠨ ᠪᠣᠯᠵᠠᠢ᠃ ᠡᠨᠡ ᠬᠦ᠌ ᠬᠣᠶᠠᠷ ᠨᠢᠭᠣᠷᠲᠠᠨ ᠤ᠋ ᠲᠦᠷᠢ ᠵᠢ ᠬᠡᠷᠬᠢᠨ ᠣᠷᠠᠯᠢᠬ ᠵᠢᠡᠷ ᠢᠯᠡᠷᠡᠬᠦᠯᠬᠦ ᠨᠢ ᠨᠠᠲᠠ ᠳ᠋ᠦ ᠬᠠᠮᠣᠬ ᠤ᠋ᠨ ᠶᠡᠬᠡ ᠰᠢᠯᠭᠠᠯᠲᠠ ᠪᠣᠯᠣᠬᠰᠠᠨ ᠶᠤᠮ》 ᠭᠡᠵᠦ ᠲᠣᠰ ᠵᠦᠴᠦᠭᠡ ᠳ᠋ᠦ ᠳ᠋ᠠ ᠰᠢ ᠵᠢ ᠲᠣᠬᠯᠠᠬᠰᠠᠨ ᠴᠠᠬᠠᠷ ᠪᠠᠷᠠᠭᠣᠨ ᠭᠠᠷᠣᠨ ᠲᠣᠮᠲᠠᠲᠣ ᠬᠣᠰᠢᠭᠣᠨ ᠤ᠋ ᠣᠯᠠᠭᠠᠨᠮᠦᠢ᠍ᠴᠢᠷ ᠤ᠋ᠨ ᠲᠣᠬᠯᠠᠬᠴᠢ ᠵᠠᠩ ᠬᠠᠢ ᠶᠠᠷᠢᠨ᠎ᠠ᠃

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃