2023-07-18 10:18:34
ᠦᠨᠦᠴᠢᠨ ᠬᠡᠦᠬᠡᠳ ᠢ᠋ ᠠᠪᠣᠷᠠᠬᠰᠠᠨ ᠲᠦᠭᠰᠢᠬᠦᠷᠢ᠂ ᠦᠰᠭᠡᠵᠦ ᠬᠦᠮᠦᠵᠢᠬᠦᠯᠦᠭᠰᠡᠨ ᠵᠦᠲᠡᠬᠦᠷᠢ ᠂ ᠦᠷ᠎ᠡ ᠪᠠᠨ ᠠᠯᠲᠠᠬᠰᠠᠨ ᠡᠮᠭᠡᠨᠢᠯ᠂ ᠬᠠᠨᠢ ᠡᠴᠡ ᠪᠠᠨ ᠬᠠᠭᠠᠴᠠᠬᠰᠠᠨ ᠵᠣᠪᠠᠨᠢᠯ ᠪᠣᠯᠣᠨ 16 ᠵᠢᠯ ᠤ᠋ᠨ ᠪᠡᠶ᠎ᠡ ᠰᠡᠳᠬᠢᠯ ᠤ᠋ᠨ ᠲᠠᠷᠴᠢᠯᠠᠭᠠᠯ ᠁ ᠦᠵᠡᠭᠴᠢᠳ ᠡᠨᠡ ᠬᠦ᠌ ᠬᠦᠮᠦᠨ ᠴᠢᠨᠠᠷ ᠤ᠋ᠨ ᠬᠢᠯᠪᠠᠭ᠎ᠠ ᠵᠢ ᠢᠯᠡᠷᠡᠬᠦᠯᠵᠦ᠂ ᠡᠷᠬᠡ ᠰᠦᠷ ᠡᠴᠡ ᠡᠮᠢᠶᠡᠬᠦ ᠦᠭᠡᠢ᠂ ᠦᠨᠡᠨ ᠶᠣᠰᠣ ᠵᠢ ᠬᠠᠮᠠᠭᠠᠯᠠᠬᠣ ᠠᠭᠣᠣ ᠶᠡᠬᠡ ᠦᠨᠳᠦᠰᠦᠲᠡᠨ ᠤ᠋ ᠵᠣᠷᠢᠬ ᠰᠠᠨᠠᠭ᠎ᠠ ᠵᠢ ᠲᠣᠰᠬᠠᠬᠰᠠᠨ ᠾᠸᠨᠠᠨ ᠵᠦᠴᠦᠬᠡ ᠵᠢ ᠨᠠᠮ ᠰᠤᠨᠢᠷᠬᠠᠵᠤ᠂ ᠵᠦᠴᠦᠬᠡ ᠵᠢᠨ ᠭᠤᠤᠯ ᠪᠠᠭᠠᠳᠤᠷ ᠴᠸᠩ ᠶᠢᠩ ᠤ᠋ᠨ ᠦᠢᠯᠡ ᠤᠴᠠᠷᠠᠯ ᠳ᠋ᠤ ᠰᠡᠳᠬᠢᠯ ᠡᠪᠬᠡᠷᠡᠬᠦ ᠵᠢᠨ ᠬᠠᠮᠳᠤ ᠡᠷᠴᠢ ᠵᠤᠷᠢᠭ ᠲᠤᠨᠢ ᠡᠷᠡᠬᠡᠢ ᠭᠠᠷᠭᠠᠨ ᠬᠦᠨᠳᠤᠳᠬᠡᠯ ᠲᠡᠪᠰᠢᠬᠦᠯᠦᠨ᠎ᠠ ᠃

7 ᠰᠠᠷ᠎ᠠ ᠵᠢᠨ 17 ᠤ᠋ ᠣᠷᠣᠢ᠂ ᠾᠸᠨᠠᠨ ᠮᠣᠵᠢ ᠵᠢᠨ ᠾᠸᠨᠠᠨ ᠵᠦᠴᠦᠭᠡ ᠵᠢᠨ ᠬᠦᠷᠢᠶᠡᠯᠡᠩ ᠤ᠋ᠨ ᠬᠣᠶᠠᠲᠣᠭᠠᠷ ᠪᠦᠯᠬᠦᠮ ᠡᠴᠡ 《ᠴᠸᠩ ᠶᠢᠩ ᠦᠨᠦᠴᠢᠨ ᠬᠡᠦᠬᠡᠳ ᠢ᠋ ᠠᠪᠣᠷᠠᠬᠰᠠᠨ ᠨᠢ 》 ᠭᠡᠬᠦ ᠵᠦᠴᠦᠭᠡ ᠵᠢ ᠣᠯᠠᠭᠠᠨ ᠲᠢᠶᠠᠲ᠋ᠷ ᠲᠦ᠍ ᠲᠣᠬᠯᠠᠪᠠ᠃ ᠲᠤᠰ ᠵᠦᠴᠦᠬᠡ ᠪᠤᠯ ᠬᠤᠷᠢᠳᠤᠭᠠᠷ ᠬᠤᠭᠤᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠲᠦ᠍ ᠤᠨᠴᠠ ᠤᠷᠢᠭᠰᠠᠨ ᠲᠤᠭᠯᠠᠯᠳᠠ ᠵᠢᠨ ᠨᠢᠬᠡ ᠪᠤᠯᠤᠨ᠎ᠠ᠃ ᠵᠦᠴᠦᠭᠡ ᠨᠢ ᠴᠦᠨ ᠴᠢᠦ ᠪᠠᠢᠯᠲᠣᠭᠠᠨᠲᠣ ᠣᠯᠣᠰ ᠤ᠋ᠨ ᠦᠶ᠎ᠡ ᠳ᠋ᠦ ᠵᠣᠣ ᠣᠯᠣᠰ ᠤ᠋ᠨ ᠰᠢᠲᠣᠷᠭᠣ ᠰᠠᠢᠳ ᠵᠣᠣ ᠳ᠋ᠦ᠍ᠢ᠍ᠨ ᠤ᠋ ᠨᠢᠭᠡ ᠭᠡᠷ ᠤ᠋ᠨ 300 ᠭᠠᠷᠣᠢ ᠬᠦᠮᠦᠨ ᠵᠠᠯᠢᠬᠠᠢ ᠲᠦᠰᠢᠮᠡᠯ ᠲᠦ ᠠᠨ ᠵᠢᠶᠸ ᠳ᠋ᠦ ᠬᠣᠣᠷᠯᠠᠬᠲᠠᠭᠰᠠᠨ ᠶ᠋ᠢᠡᠷ ᠡᠬᠢᠯᠡᠯᠲᠡ ᠪᠣᠯᠭᠠᠵᠦ᠂ ᠵᠣᠣ ᠣᠪᠣᠬᠲᠣ ᠵᠢᠨ ᠦᠨᠦᠴᠢᠨ ᠬᠡᠦᠬᠡᠳ ᠤ᠋ᠳ ᠤ᠋ᠨ ᠦᠬᠦᠵᠦ ᠰᠡᠭᠡᠬᠦ ᠲᠠᠪᠠᠭᠠᠨ ᠲᠠᠬᠡᠷ᠎ᠠ ᠴᠸᠩ ᠶᠢᠩ ᠵᠡᠷᠭᠡ ᠬᠦᠮᠦᠰ ᠵᠣᠷᠢᠬᠲᠠᠢ ᠪᠡᠷ ᠠᠶᠣᠯ ᠢ᠋ ᠰᠦᠷᠦᠨ ᠲᠦ ᠠᠨ ᠵᠢᠶᠸ ᠯᠤᠭᠡ ᠰᠢᠲᠣᠷᠭᠣ ᠬᠢᠭᠡᠳ ᠵᠠᠯᠢᠬᠠᠢ᠂ ᠦᠨᠡᠨ ᠪᠣᠯᠣᠨ ᠭᠠᠵᠢᠭᠣ ᠵᠢᠨ ᠲᠡᠮᠡᠴᠡᠯᠲᠦᠭᠡᠨ ᠦᠷᠨᠢᠬᠦᠯᠦᠭᠰᠡᠨ ᠦᠯᠢᠭᠡᠷ ᠢ᠋ ᠶᠠᠷᠢᠵᠠᠢ᠃


ᠣᠢᠯᠠᠭᠠᠬᠰᠠᠨ ᠶ᠋ᠢᠡᠷ᠂ 《ᠴᠸᠩ ᠶᠢᠩ ᠦᠨᠦᠴᠢᠨ ᠬᠡᠦᠬᠡᠳ ᠢ᠋ ᠠᠪᠣᠷᠠᠬᠰᠠᠨ ᠨᠢ 》 ᠭᠡᠬᠦ ᠵᠦᠴᠦᠭᠡ ᠵᠢ 2002 ᠤᠨ ᠳ᠋ᠦ ᠡᠬᠢᠯᠡᠵᠤ ᠲᠣᠬᠯᠠᠬᠰᠠᠨ ᠡᠴᠡ ᠨᠠᠭᠠᠰᠢ ᠤᠳᠤ ᠪᠣᠯᠬᠣ ᠳ᠋ᠦ ᠶᠠᠬ ᠪᠦᠲᠦᠨ 2000 ᠲᠠᠯᠠᠪᠠᠢ ᠲᠣᠬᠯᠠᠵᠦ ᠪᠠᠢᠭ᠎ᠠ ᠠᠵᠢ᠃ ᠲᠣᠮᠲᠠᠲᠣ ᠣᠯᠣᠰ ᠤ᠋ᠨ ᠵᠦᠴᠦᠭᠡ ᠵᠢᠨ ᠨᠡᠢᠭᠡᠮᠯᠢᠭ ᠤ᠋ᠨ ᠲᠡᠳ᠋ ᠲᠡᠷᠢᠬᠦᠯᠡᠭᠴᠢ᠂ ᠾᠸᠨᠠᠨ ᠮᠣᠵᠢ ᠵᠢᠨ ᠣᠳᠬ᠎ᠠ ᠣᠷᠠᠯᠢᠬ ᠤ᠋ᠨ ᠬᠢᠨ ᠤ᠋ ᠬᠣᠯᠪᠣᠭ᠎ᠠ ᠵᠢᠨ ᠲᠡᠳ᠋ ᠲᠡᠷᠢᠬᠦᠯᠡᠭᠴᠢ ᠯᠢ ᠱᠦ᠍ ᠵᠢᠶᠠᠨ ᠰᠣᠷᠪᠣᠯᠵᠢᠯᠠᠭ᠎ᠠ ᠬᠦᠯᠢᠶᠡᠬᠦ ᠳ᠋ᠡᠭᠡᠨ᠄ 《〈ᠴᠸᠩ ᠶᠢᠩ ᠦᠨᠦᠴᠢᠨ ᠬᠡᠦᠬᠡᠳ ᠢ᠋ ᠠᠪᠣᠷᠠᠬᠰᠠᠨ ᠨᠢ〉 ᠵᠦᠴᠦᠭᠡ ᠪᠣᠯ ᠬᠠᠭᠣᠴᠢᠨ ᠵᠦᠴᠦᠭᠡ ᠵᠢ ᠰᠢᠨ᠎ᠡ ᠲᠣᠬᠯᠠᠬᠣ ᠠᠷᠭ᠎ᠠ ᠪᠡᠷ ᠲᠣᠬᠯᠠᠬᠰᠠᠨ ᠵᠦᠴᠦᠭᠡ ᠪᠣᠯᠣᠨ᠎ᠠ᠃ ᠪᠢ ᠬᠦᠬᠡᠬᠣᠲᠠ ᠳ᠋ᠦ ᠬᠣᠶᠠᠷ ᠣᠲᠠᠭ᠎ᠠ ᠢᠷᠡᠵᠦ ᠦᠩᠭᠡᠷᠡᠭᠰᠡᠨ ᠪᠦᠭᠡᠳ ᠡᠨᠡ ᠬᠦ᠌ ᠵᠦᠴᠦᠭᠡ ᠵᠢᠨ ᠬᠡᠰᠡᠭ ᠦᠵᠡᠭᠲᠡᠯ ᠢ᠋ ᠲᠣᠬᠯᠠᠵᠦ ᠪᠠᠢᠬᠰᠠᠨ᠃ ᠾᠸᠨᠠᠨ ᠵᠦᠴᠦᠭᠡ ᠵᠢ ᠠᠲᠠᠯᠢ ᠪᠣᠰᠣ ᠭᠠᠵᠠᠷ ᠲᠦ᠍ ᠠᠲᠠᠯᠢ ᠪᠣᠰᠣ ᠬᠡᠯᠪᠡᠷᠢ ᠪᠡᠷ ᠲᠣᠬᠯᠠᠲᠠᠬ᠃ ᠬᠦᠲᠡᠭᠡ ᠳ᠋ᠦ ᠲᠣᠬᠯᠠᠬᠣ ᠳ᠋ᠠᠭᠠᠨ ᠠᠮᠢᠲᠣ ᠴᠣᠪᠣᠭᠣᠯᠢᠬ ᠪᠠᠢᠬᠣ ᠵᠢ ᠡᠷᠬᠢᠮᠯᠡᠵᠤ ᠬᠣᠲᠠ ᠳ᠋ᠦ ᠲᠣᠬᠯᠠᠬᠣ ᠳ᠋ᠠᠭᠠᠨ ᠲᠦᠪ ᠴᠢᠬᠢᠮᠡᠢ ᠪᠠᠢᠬᠣ ᠵᠢ ᠵᠣᠷᠢᠲᠠᠬ᠃ ᠲᠣᠰ ᠬᠣᠭᠣᠴᠠᠭᠠᠨ ᠤ᠋ ᠰᠣᠶᠣᠯ ᠤ᠋ᠨ ᠨᠠᠢᠷ ᠲᠦ᠍ ᠣᠯᠣᠰ ᠣᠷᠣᠨ ᠤ᠋ ᠲᠡᠰ ᠤ᠋ᠨ ᠮᠠᠰᠢ ᠣᠯᠠᠨ ᠵᠦᠴᠦᠭᠡ ᠵᠢᠨ ᠪᠦᠯᠬᠦᠮ ᠢᠷᠡᠵᠦ ᠲᠣᠬᠯᠠᠯᠲᠠ ᠭᠠᠷᠭᠠᠬᠰᠠᠨ ᠨᠢ ᠪᠢᠲᠡᠨ ᠳ᠋ᠦ ᠬᠠᠷᠢᠯᠴᠠᠨ ᠰᠣᠷᠣᠯᠴᠠᠵᠦ ᠬᠠᠷᠢᠯᠴᠠᠨ ᠰᠣᠯᠢᠯᠴᠠᠭ᠎ᠠ ᠦᠷᠨᠢᠬᠦᠯᠬᠦ ᠮᠠᠰᠢ ᠰᠠᠢᠨ ᠲᠣᠬᠢᠶᠠᠯ ᠪᠣᠯᠣᠬᠰᠠᠨ》 ᠭᠡᠵᠦ ᠶᠠᠷᠢᠵᠦ ᠪᠠᠢᠯ᠎ᠠ᠃ ᠵᠦᠴᠦᠭᠡ ᠳ᠋ᠦ ᠬᠦᠩᠵᠦ ᠵᠢᠨ ᠲᠦᠷᠢ ᠵᠢ ᠲᠣᠬᠯᠠᠬᠰᠠᠨ ᠲᠣᠬᠯᠠᠬᠴᠢ ᠵᠠᠩ ᠶᠠ ᠭᠸ᠄ 《ᠪᠢᠲᠡ ᠾᠸᠨᠠᠨ ᠵᠦᠴᠦᠭᠡ ᠵᠢᠨ ᠬᠠᠮᠣᠬ ᠤ᠋ᠨ ᠰᠢᠯᠢᠲᠡᠭ ᠪᠦᠲᠦᠭᠡᠯ ᠢ᠋ ᠬᠦᠬᠡᠬᠣᠲᠠ ᠵᠢᠨ ᠦᠵᠡᠭᠴᠢᠳ ᠲᠦ᠍ ᠰᠣᠨᠢᠷᠬᠠᠭᠣᠯᠬᠣ ᠵᠢᠨ ᠲᠦᠯᠦᠭᠡ ᠡᠷᠲᠡ ᠡᠴᠡ ᠪᠡᠯᠡᠳᠭᠡᠵᠦ ᠣᠯᠠᠨᠳᠠ ᠪᠤᠯᠪᠠᠰᠤᠷᠠᠯ᠎ᠠ᠃ ᠪᠦᠯᠬᠦᠮ ᠡᠴᠡ ᠴᠦ᠍ ᠡᠨᠡ ᠣᠲᠠᠭ᠎ᠠ ᠵᠢᠨ ᠲᠣᠬᠯᠠᠯᠲᠠ ᠵᠢ ᠮᠠᠰᠢ ᠴᠢᠬᠤᠯᠠᠴᠢᠯᠠᠵᠤ 90 ᠭᠠᠷᠣᠢ ᠬᠦᠮᠦᠨ ᠤ᠋ ᠲᠣᠬᠯᠠᠯᠲᠠ ᠵᠢᠨ ᠡᠩᠨᠡᠭᠡ ᠲᠠᠢ ᠨᠠᠭᠠᠰᠢ ᠢᠷᠡᠭᠰᠡᠨ ᠶᠤᠮ》 ᠭᠡᠵᠦ ᠣᠷᠮᠠᠲᠠᠢ ᠶᠠᠷᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃