ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-19 09:32:54

ᠵᠣᠬᠢᠶᠠᠭ᠍ᠴᠢ᠄ ​ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠰᠠᠭᠠᠬ ᠤ᠋ᠨ ᠴᠡᠴᠡᠭ ᠴᠢᠨᠡᠭᠡᠯᠢᠭ ᠠᠮᠢᠲᠣᠷᠠᠯ ᠤ᠋ᠨ ᠪᠡᠯᠭᠡᠲᠡᠯ ᠪᠣᠯᠵᠦ ᠲᠡᠯᠭᠡᠷᠡᠨ᠎ᠡ᠃ 7 ᠰᠠᠷ᠎ᠠ ᠵᠢᠨ 18 ᠤ᠋ ᠣᠷᠣᠢ᠂ ᠲᠦᠩᠯᠢᠶᠣᠣ ᠬᠣᠲᠠ ᠵᠢᠨ ᠬᠦᠷᠢᠶ᠎ᠠ ᠬᠣᠰᠢᠭᠣᠨ ᠤ᠋ ᠣᠯᠠᠭᠠᠨᠮᠦᠢ᠍ᠴᠢᠷ ᠤ᠋ᠨ ᠲᠣᠬᠯᠠᠬᠰᠠᠨ ᠲᠠᠭᠣᠣ ᠪᠦᠵᠢᠭᠲᠦ ᠵᠦᠴᠦᠭᠡ 《ᠰᠠᠭᠠᠬ ᠤ᠋ᠨ ᠴᠡᠴᠡᠭ ᠲᠡᠯᠭᠡᠷᠡᠬᠦᠶ᠎ᠡ》 ᠶ᠋ᠢ ᠬᠦᠬᠡᠬᠣᠲᠠ ᠵᠢᠨ ᠦᠨᠳᠦᠰᠦᠲᠡᠨ ᠤ᠋ ᠲᠢᠶᠠᠲ᠋ᠷ ᠲᠦ᠍ ᠲᠣᠬᠯᠠᠪᠠ᠃


微信图片_20230719094310.jpg


ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠲᠣᠬᠯᠠᠯᠲᠠ ᠵᠢᠨ ᠨᠢᠭᠡ ᠪᠣᠯᠬᠣ ᠲᠣᠰ ᠵᠦᠴᠦᠭᠡ ᠨᠢ ᠡᠭᠡᠯ ᠵᠢᠷ ᠤ᠋ᠨ ᠬᠦᠮᠦᠰ ᠤ᠋ᠨ ᠦᠯᠢᠭᠡᠷ ᠵᠢᠡᠷ ᠡᠷᠢᠨ ᠴᠠᠬ ᠤ᠋ᠨ ᠬᠦᠭᠵᠢᠯᠲᠡ ᠬᠣᠪᠢᠷᠠᠯᠲᠠ ᠵᠢ ᠲᠣᠰᠬᠠᠵᠠᠢ᠃ ᠲᠣᠰ ᠵᠦᠴᠦᠭᠡ ᠵᠢ ᠨᠢᠳᠤᠨᠤᠨ ᠤ᠋ 9 ᠰᠠᠷ᠎ᠠ ᠡᠴᠡ ᠡᠬᠢᠯᠡᠨ ᠵᠣᠬᠢᠶᠠᠨ ᠪᠦᠲᠦᠭᠡᠭᠰᠡᠨ ᠪᠣᠯᠪᠠᠴᠣ ᠬᠢᠵᠢᠭ ᠤ᠋ᠨ ᠪᠠᠢᠲᠠᠯ ᠤ᠋ᠨ ᠨᠦᠯᠦᠭᠡ ᠡᠴᠡ ᠪᠣᠯᠵᠦ ᠬᠣᠢᠰᠢᠯᠠᠭᠣᠯᠵᠦ᠂ ᠡᠨᠡ ᠵᠢᠯ ᠤ᠋ᠨ ᠡᠬᠢ ᠪᠡᠷ ᠰᠠᠶᠢ ᠵᠣᠬᠢᠶᠠᠨ ᠪᠦᠲᠦᠭᠡᠯᠭᠡ ᠪᠠᠨ ᠲᠠᠭᠣᠰᠬᠠᠭᠠᠳ ᠣᠷᠢᠳ ᠬᠣᠵᠢᠳ 15 ᠲᠠᠯᠠᠪᠠᠢ ᠲᠣᠬᠯᠠᠵᠦ᠂ ᠲᠣᠬᠠᠢ ᠵᠢᠨ ᠭᠠᠵᠠᠷ ᠤ᠋ᠨ ᠣᠯᠠᠨ ᠲᠦᠮᠡᠨ ᠤ᠋ ᠬᠠᠯᠠᠭᠣᠨ ᠬᠦᠷᠢᠶᠡᠯᠡᠯ ᠢ᠋ ᠣᠯᠣᠬᠰᠠᠨ ᠪᠠᠢᠨ᠎ᠠ ᠃


微信图片_20230719094331.jpg


ᠵᠦᠴᠦᠭᠡ ᠵᠢᠨ ᠶᠡᠷᠦᠩᠬᠡᠢ ᠣᠲᠣᠷᠢᠲᠣᠭᠠᠴᠢ᠂ ᠲᠠᠭᠣᠴᠢᠨ ᠨᠠᠰᠣᠨ᠄ 《ᠰᠠᠭᠠᠬ ᠪᠣᠯ ᠬᠦᠷᠢᠶ᠎ᠡ ᠬᠣᠰᠢᠭᠣᠨ ᠤ᠋ ᠲᠦᠷᠦᠯ ᠲᠡᠮᠲᠡᠭ ᠮᠦᠨ᠃ 〈ᠰᠠᠭᠠᠭ ᠤ᠋ᠨ ᠴᠡᠴᠡᠭ ᠲᠡᠯᠭᠡᠷᠡᠬᠦᠶ᠎ᠡ〉 ᠭᠡᠬᠦ ᠵᠦᠴᠦᠭᠡ ᠪᠣᠯ ᠬᠦᠷᠢᠶ᠎ᠡ ᠬᠣᠰᠢᠭᠣᠨ ᠤ᠋ ᠬᠡᠲᠦᠨ ᠠᠷᠪᠠᠨ ᠵᠢᠯ ᠤ᠋ᠨ ᠬᠦᠭᠵᠢᠯᠲᠡ ᠬᠣᠪᠢᠷᠠᠯᠲᠠ ᠵᠢ ᠲᠣᠰᠬᠠᠬᠰᠠᠨ ᠵᠦᠴᠦᠭᠡ ᠪᠣᠯᠣᠨ᠎ᠠ᠃ ᠪᠢᠳᠡ ᠲᠤᠰ ᠵᠦᠴᠦᠭᠡ ᠪᠡᠷ ᠲᠠᠮᠵᠢᠨ ᠬᠦᠷᠢᠶ᠎ᠡ ᠬᠣᠰᠢᠭᠣᠨ ᠤ᠋ ᠨᠠᠮ ᠵᠠᠰᠠᠬ ᠤ᠋ᠨ ᠣᠲᠣᠷᠢᠲᠣᠯᠭ᠎ᠠ ᠠᠷᠠᠳ ᠲᠦᠮᠡᠨ ᠲᠠᠢ ᠨᠢᠬᠲᠠᠷᠠᠨ ᠪᠦᠯᠬᠦᠮᠲᠡᠵᠦ᠂ ᠡᠯᠡᠰᠦ ᠮᠠᠩᠬᠠᠨ ᠨᠣᠲᠣᠬ ᠢ᠋ ᠣᠢ ᠮᠣᠲᠣ ᠨᠣᠭᠣᠭᠠᠷᠠᠭᠰᠠᠨ᠂ ᠠᠷᠠᠳ ᠤ᠋ᠨ ᠠᠮᠢᠲᠣᠷᠠᠯ ᠴᠢᠨᠡᠭᠡᠯᠢᠭᠵᠢᠭᠰᠡᠨ ᠬᠦᠭᠵᠢᠯᠳᠤ ᠨᠤᠳᠤᠭ ᠪᠤᠯᠭᠠᠨ ᠬᠤᠪᠢᠷᠠᠭᠤᠯᠵᠤ᠂ ᠬᠦᠲᠡᠭᠡ ᠲᠣᠰᠬᠣᠨ ᠢ᠋ ᠬᠦᠭᠵᠢᠬᠦᠯᠦᠨ ᠮᠠᠨᠲᠣᠭᠣᠯᠬᠣ ᠵᠠᠮ ᠶ᠋ᠢᠡᠷ ᠢᠲᠡᠷᠡᠬᠦᠨ ᠣᠷᠣᠬᠰᠢᠯᠠᠵᠤ ᠪᠠᠢᠭ᠎ᠠ ᠵᠢ ᠬᠠᠷᠠᠭᠣᠯᠣᠬᠰᠠᠨ ᠶᠤᠮ》 ᠬᠡᠵᠤ ᠲᠠᠨᠢᠯᠴᠠᠭᠤᠯᠤᠯ᠎ᠠ᠃

ᠲᠠᠭᠤᠤ ᠪᠦᠵᠢᠭᠳᠤ ᠵᠦᠴᠦᠬᠡ 《ᠰᠠᠭᠠᠬ ᠤ᠋ᠨ ᠴᠡᠴᠡᠭ ᠲᠡᠯᠭᠡᠷᠡᠬᠦᠶ᠎ᠡ》 ᠵᠢᠨ ᠭᠣᠣᠯ ᠪᠠᠭᠠᠲᠣᠷ ᠬᠦᠬᠡ ᠵᠢᠨ ᠲᠦᠷᠢ ᠵᠢ ᠲᠣᠬᠯᠠᠬᠰᠠᠨ ᠬᠦᠷᠢᠶ᠎ᠡ ᠬᠣᠰᠢᠭᠣᠨ ᠤ᠋ ᠣᠯᠠᠭᠠᠨᠮᠦᠢ᠍ᠴᠢᠷ ᠤ᠋ᠨ ᠲᠣᠬᠯᠠᠬᠴᠢ ᠴᠢᠩ ᠰᠦᠩ ᠰᠣᠷᠪᠣᠯᠵᠢᠯᠠᠭ᠎ᠠ ᠬᠦᠯᠢᠶᠡᠬᠦ ᠳ᠋ᠡᠭᠡᠨ᠄ 《ᠪᠢ ᠪᠦᠵᠢᠭ ᠤ᠋ᠨ ᠲᠣᠰᠬᠠᠢ ᠮᠡᠷᠭᠡᠵᠢᠯ ᠰᠣᠷᠣᠬᠰᠠᠨ ᠪᠤᠯᠪᠠᠴᠦ ᠠᠩᠬ᠎ᠠ ᠣᠲᠠᠭ᠎ᠠ ᠡᠢᠮᠦ ᠲᠣᠮᠣ ᠬᠡᠯᠪᠡᠷᠢ ᠵᠢᠨ ᠵᠦᠴᠦᠭᠡ ᠵᠢ ᠲᠣᠬᠯᠠᠵᠤ ᠪᠠᠢᠭ᠎ᠠ ᠪᠤᠯᠬᠤᠷ ᠦᠢᠯᠡ ᠬᠦᠲᠡᠯᠦᠯ᠂ ᠢᠯᠡᠷᠡᠬᠦᠯᠬᠦ ᠠᠷᠭ᠎ᠠ ᠵᠡᠷᠭᠡ ᠲᠠᠯ᠎ᠠ ᠪᠡᠷ ᠪᠦᠷ ᠲᠣᠩ ᠶᠡᠬᠡ ᠰᠢᠯᠭᠠᠯᠲᠠ ᠳ᠋ᠤ ᠤᠴᠠᠷᠠᠵᠠᠢ᠃ ᠵᠦᠴᠦᠭᠡ ᠵᠢᠨ ᠭᠣᠣᠯ ᠪᠠᠭᠠᠲᠣᠷ ᠬᠦᠭᠡ ᠪᠣᠯ ᠡᠭᠡᠯ ᠲᠠᠷᠣᠣ ᠵᠠᠩ ᠲᠠᠢ ᠪᠦᠭᠡᠳ ᠬᠡᠨ ᠲᠠᠢ ᠴᠦ᠍ ᠬᠦᠩᠭᠡᠮᠰᠦᠭ ᠬᠠᠷᠢᠯᠴᠠᠲᠠᠬ ᠬᠦᠮᠦᠨ ᠃ ᠲᠡᠬᠦᠨ ᠤ᠋ ᠦᠬᠢᠨ ᠲᠡᠬᠦᠦ ᠲᠠᠢ ᠪᠠᠨ ᠬᠠᠭᠠᠴᠠᠨ ᠰᠠᠯᠵᠦ᠂ ᠡᠳᠦᠷᠵᠢᠨ ᠬᠠᠷ᠎ᠠ ᠲᠠᠷᠣᠵᠦ ᠰᠡᠷᠡᠬᠦ ᠦᠵᠡᠭᠲᠡᠯ ᠢ᠋ ᠬᠡᠷᠬᠢᠨ ᠢᠯᠡᠷᠡᠬᠦᠯᠬᠦ ᠨᠢ ᠨᠠᠲᠠ ᠳ᠋ᠤ ᠬᠠᠮᠤᠭ ᠤ᠋ᠨ ᠶᠡᠬᠡ ᠰᠢᠯᠭᠠᠯᠳᠠ ᠪᠤᠯᠵᠤ ᠂ ᠣᠯᠠᠨ ᠲᠠᠬᠢᠨ ᠲᠣᠬᠯᠠᠵᠦ ᠪᠠᠢᠭᠠᠳ ᠬᠢᠷᠢ ᠲᠡᠩᠴᠡᠭᠰᠡᠨ ᠶᠤᠮ》 ᠭᠡᠵᠦ ᠶᠠᠷᠢᠨ᠎ᠠ ᠃

ᠰᠠᠭᠠᠬ ᠤ᠋ᠨ ᠴᠡᠴᠡᠭ ᠲᠡᠯᠭᠡᠷᠡᠬᠦᠶ᠎ᠡ ᠰᠠᠢᠬᠠᠨ ᠠᠮᠢᠲᠣᠷᠠᠯ ᠤ᠋ᠨ ᠵᠢᠷᠣᠬ ᠲᠡᠯᠭᠡᠭᠲᠡᠨ᠎ᠡ᠃ ᠵᠦᠴᠦᠭᠡ ᠰᠣᠨᠢᠷᠬᠠᠬᠰᠠᠨ ᠬᠦᠬᠡᠬᠣᠲᠠ ᠵᠢᠨ ᠦᠵᠡᠭᠴᠢ ᠵᠠᠩ ᠵᠢᠶᠠ ᠢ᠄《ᠰᠠᠢᠬᠠᠨ ᠵᠦᠴᠦᠬᠡ ᠪᠠᠢᠨ᠎ᠠ᠂ ᠪᠢ ᠡᠨᠡ ᠵᠦᠴᠦᠭᠡ ᠵᠢ ᠦᠵᠡᠭᠡᠳ ᠬᠦᠷᠢᠶ᠎ᠡ ᠬᠣᠰᠢᠭᠣᠨ ᠳ᠋ᠦ ᠬᠦᠷᠴᠦ᠂ ᠰᠠᠭᠠᠬ ᠤ᠋ᠨ ᠴᠡᠴᠡᠭ ᠢ᠋ ᠬᠠᠨᠤᠳᠠᠯ᠎ᠠ ᠰᠣᠨᠢᠷᠬᠠᠬᠣ ᠪᠣᠲᠣᠯ ᠣᠷᠣᠯ᠎ᠠ》 ᠭᠡᠵᠦ ᠶᠠᠷᠢᠨ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面