2023-07-19 09:41:15
ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠦᠷᠭᠦᠯᠵᠢᠯᠡᠵᠤ᠂ 7 ᠰᠠᠷ᠎ᠠ ᠢ᠋ᠢᠨ 18 ᠤ᠋ ᠤᠷᠤᠢ ᠤᠯᠠᠭᠠᠨᠬᠠᠳᠠ ᠬᠣᠲᠠ ᠵᠢᠨ ᠤᠷᠠᠯᠢᠭ ᠵᠦᠴᠦᠭᠡ ᠵᠢᠨ ᠬᠦᠷᠢᠶᠡᠯᠡᠩ (ᠤᠯᠠᠭᠠᠨᠬᠠᠳᠠ ᠬᠣᠲᠠ ᠵᠢᠨ ᠤᠯᠠᠭᠠᠨᠮᠥ᠋ᠴᠢᠷ) ᠤ᠋ᠨ ᠬᠢᠨ ᠲᠣᠮᠣ ᠬᠡᠯᠪᠡᠷᠢ ᠵᠢᠨ ᠶᠠᠷᠢᠶᠠᠲᠤ ᠵᠦᠴᠦᠭᠡ 《ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ》 ᠵᠢ ᠦᠪᠦᠷ ᠮᠤᠡᠭᠭᠤᠯ ᠤ᠋ᠨ ᠤᠷᠠᠯᠢᠭ ᠵᠦᠴᠦᠭᠡ ᠢ᠋ᠢᠨ ᠬᠦᠷᠢᠶᠡᠯᠡᠡᠭ ᠳ᠋ᠤ ᠲᠤᠭᠯᠠᠪᠠ ᠃

ᠲᠣᠮᠣ ᠬᠡᠯᠪᠡᠷᠢ ᠵᠢᠨ ᠶᠠᠷᠢᠶᠠᠲᠤ ᠵᠦᠴᠦᠭᠡ 《ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ》 ᠨᠢ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭᠴᠠ ᠵᠢᠨ ᠤᠬᠠᠮᠰᠠᠷ᠂ ᠦᠨᠳᠦᠰᠦᠲᠡᠨ ᠤ᠋ ᠪᠦᠯᠬᠦᠮᠳᠡᠯ ᠲᠠᠪᠰᠢᠯᠳᠠ ᠪᠡᠷ ᠭᠣᠣᠯ ᠰᠡᠳᠦᠪ ᠭᠣᠣᠯ ᠰᠢᠵᠢᠮ ᠪᠣᠯᠭᠠᠨ᠂ ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ ᠨᠡᠢᠭᠡᠮ ᠳᠤᠭᠤᠷᠢᠭ ᠤ᠋ᠨ 《ᠬᠥᠳᠡᠯᠮᠦᠷᠢ ᠵᠢᠨ ᠵᠢᠱ᠌ᠢᠶᠡᠴᠢ》᠂ 《ᠶᠣᠰᠣ ᠰᠤᠷᠳᠠᠬᠤᠨ ᠤ᠋ ᠵᠢᠱ᠌ᠢᠶᠡᠴᠢ》 ᠪᠣᠯᠤᠨ 《ᠬᠠᠮᠤᠭ ᠤ᠋ᠨ ᠭᠣᠶᠣ ᠪᠣᠯᠪᠠᠰᠤᠨ ᠭᠡᠷ ᠪᠦᠯᠢ》 ᠵᠢᠨ ᠦᠨᠡᠨ ᠪᠣᠳᠠᠲᠠᠢ ᠰᠡᠳᠭᠢᠯ ᠢ᠋ ᠬᠥᠳᠡᠯᠭᠡᠮ᠎ᠡ ᠦᠢᠯᠡ ᠠᠵᠢᠯᠯᠠᠭ᠎ᠠ ᠪᠠᠷ ᠪᠣᠷᠣ ᠮᠠᠲ᠋ᠧᠷᠢᠶᠠᠯ ᠪᠣᠯᠭᠠᠵᠤ᠂ ᠤᠷᠠᠯᠢᠭ ᠤ᠋ᠨ ᠠᠷᠭ᠎ᠠ ᠪᠠᠷ ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ ᠨᠡᠢᠭᠡᠮ ᠲᠣᠭᠣᠷᠢᠭ ᠤ᠋ᠨ ᠭᠧᠩ ᠴᠧᠩ ᠯᠢᠶᠧ᠂ ᠤᠯᠠᠭᠠᠨᠲᠤᠶᠠᠭ᠎ᠠ ᠵᠢᠨ ᠬᠢᠨ ᠪᠤᠯᠤᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠬᠢᠲᠠᠳ᠂ ᠮᠣᠩᠭᠣᠯ᠂ ᠳᠠᠭᠤᠷ᠂ ᠰᠣᠯᠣᠩᠭᠣᠰ ᠵᠡᠷᠭᠡ ᠣᠯᠠᠨ ᠦᠨᠳᠦᠰᠦᠲᠡᠨ ᠯᠤᠭᠡ ᠵᠢᠨ ᠬᠡᠳᠦᠨ ᠠᠷᠪᠠᠨ ᠵᠢᠯ ᠤ᠋ᠨ ᠲᠤᠷᠰᠢᠬᠢ ᠠᠮᠢᠳᠤᠷᠠᠯ ᠤ᠋ᠨ ᠠᠷᠰᠠᠷ ᠶᠠᠪᠤᠳᠠᠯ ᠤᠴᠠᠷᠠᠯ ᠪᠠ ᠬᠤᠪᠢ ᠵᠠᠶᠠᠭᠠᠨ ᠤ᠋ ᠬᠤᠪᠢᠷᠠᠯᠲᠠ ᠵᠢ ᠲᠠᠯᠬᠡᠵᠠᠢ᠃ ᠵᠦᠴᠦᠭᠡ ᠳ᠋ᠤ᠌ ᠬᠥᠮᠦᠰ ᠤ᠋ᠨ ᠰᠡᠳᠭᠢᠯ ᠢ᠋ ᠬᠥᠳᠡᠯᠭᠡᠮ᠎ᠡ ᠬᠡᠳᠦᠨ ᠦᠯᠢᠭᠡᠷ ᠤᠴᠠᠷᠠᠯ ᠢ᠋ ᠰᠣᠩᠭᠣᠨ᠂ ᠢᠯᠡ ᠲᠣᠳᠣ ᠴᠠᠭ ᠦᠶ᠎ᠡ ᠵᠢᠨ ᠣᠨᠴᠠᠯᠢᠭ ᠲᠠᠢ ᠬᠡᠳᠦᠨ ᠨᠡᠢᠲᠡᠯᠢᠭ ᠬᠦᠮᠦᠰ ᠤ᠋ᠨ ᠲᠦᠷᠢ ᠵᠢ ᠪᠦᠲᠦᠭᠡᠵᠦ᠂ ᠴᠠᠭ ᠦᠶ᠎ᠡ ᠵᠢᠨ ᠬᠥᠭᠵᠢᠯᠲᠡ᠂ ᠨᠡᠢᠭᠡᠮ ᠤ᠋ᠨ ᠲᠠᠪᠰᠢᠯᠲᠠ᠂ ᠦᠨᠳᠦᠰᠦᠲᠡᠨ ᠤ᠋ ᠪᠦᠯᠬᠦᠮᠳᠡᠯ ᠳᠠᠪᠰᠢᠯᠳᠠ ᠵᠢ ᠮᠠᠭᠲᠠᠨ ᠳᠠᠭᠤᠯᠠᠬᠤ ᠵᠢᠨ ᠬᠠᠮᠲᠤ᠂ ᠦᠨᠳᠦᠰᠦᠲᠡᠨ ᠨᠦ᠍ᠭᠦᠳ ᠤ᠋ᠨ ᠠᠷᠠᠳ ᠲᠦᠮᠡᠨ ᠤ᠋ ᠵᠢᠷᠭᠠᠯᠲᠤ ᠲᠥᠷᠥᠭᠳᠡᠯ᠂ ᠬᠦᠷᠲᠡᠮᠵᠢ ᠵᠢᠨ ᠲᠥᠷᠥᠭᠳᠡᠯ ᠢ᠋ ᠠᠮᠢᠳᠤᠯᠢᠭ ᠪᠣᠳᠠᠲᠠᠢ ᠪᠠᠷ ᠲᠤᠰᠭᠠᠭᠰᠠᠨ ᠪᠠᠢᠨ᠎ᠠ᠃



《ᠳᠤᠰ ᠵᠦᠴᠦᠭᠡ ᠵᠢ ᠬᠠᠮᠤᠭ ᠠᠩᠬ᠎ᠠ ᠶᠠᠭ ᠨᠢᠳᠤᠨᠤᠨ ᠤ᠋ ᠬᠢᠵᠢᠭ ᠤ᠋ᠨ ᠪᠠᠢᠳᠠᠯ ᠢ᠋ ᠰᠡᠷᠭᠡᠢᠯᠡᠨ ᠡᠵᠡᠮᠳᠡᠬᠦ ᠬᠤᠭᠤᠴᠠᠭᠠᠨ ᠳ᠋ᠤ ᠳᠤᠭᠯᠠᠭᠰᠠᠨ ᠶᠤᠮ᠃ ᠳᠡᠷᠡ ᠦᠶ᠎ᠡ ᠵᠢᠨ ᠠᠬᠤᠢ ᠰᠢᠯᠲᠠᠭᠠᠨ ᠠ᠋ᠴᠠ ᠪᠣᠯᠵᠤ ᠭᠠᠷ ᠤᠳᠠᠰᠤ ᠪᠡᠷ ᠰᠡᠭᠦᠳᠡᠷᠯᠡᠨ ᠰᠢᠩᠭᠡᠭᠡᠬᠦ᠂ ᠳᠧᠨᠭ ᠰᠢᠶᠦ᠋ᠨ ᠬᠤᠷᠠᠯ ᠤ᠋ᠨ ᠦᠷᠦᠭᠡ ᠵᠢ ᠠᠰᠢᠬᠯᠠᠬᠤ ᠮᠡᠳᠤ ᠪᠡᠷ ᠠᠯᠢᠪᠠ ᠬᠦᠴᠢᠷᠳᠠᠯ ᠢ᠋ ᠢᠯᠡᠨ ᠳᠠᠪᠠᠵᠤ ᠪᠠᠢᠭᠠᠳ ᠵᠢᠷᠬᠢᠶ᠎ᠡ ᠵᠢᠨ ᠳᠠᠪᠴᠠᠩ ᠳ᠋ᠤ ᠨᠡᠢᠳᠡᠯᠡᠨ ᠰᠦᠯᠵᠢᠶᠡᠨ ᠤ᠋ ᠬᠡᠯᠪᠡᠷᠢ ᠪᠡᠷ ᠠᠩᠬᠠᠨ ᠤ᠋ ᠳᠤᠭᠯᠠᠯᠳᠠ ᠪᠠᠨ ᠦᠵᠡᠭᠴᠢᠳ ᠤ᠋ᠨ ᠬᠠᠷᠠᠭᠠᠨ ᠳ᠋ᠤ ᠬᠦᠷᠭᠡᠵᠤ᠂ 13 ᠲᠦᠮᠡ ᠭᠠᠷᠤᠢ ᠬᠥᠮᠦᠨ ᠤᠳᠠᠭ᠎ᠠ ᠳᠠᠮᠵᠢᠭᠤᠯᠤᠨ ᠰᠤᠨᠢᠷᠬᠠᠵᠤ᠂ ᠮᠠᠰᠢ ᠰᠠᠢᠨ ᠦᠷ᠎ᠡ ᠪᠦᠲᠦᠮᠵᠢ ᠤᠯᠪᠠ》 ᠭᠡᠵᠤ ᠤᠯᠠᠭᠠᠨᠬᠠᠳᠠ ᠬᠣᠲᠠ ᠵᠢᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠳᠡᠳ᠋ ᠳᠠᠷᠤᠭ᠎ᠠ ᠵᠢᠭᠮᠡᠳ ᠳᠠᠨᠢᠯᠴᠠᠭᠤᠯᠤᠨ᠎ᠠ᠃《ᠪᠢᠳᠡ ᠲᠤᠰ ᠵᠦᠴᠦᠭᠡ ᠪᠡᠷ ᠲᠠᠮᠵᠢᠨ ᠦᠨᠳᠦᠰᠦᠲᠡᠨ ᠤ᠋ ᠪᠦᠯᠬᠦᠮᠳᠡᠯ ᠲᠠᠪᠰᠢᠯᠲᠠ ᠵᠢᠨ ᠦᠯᠢᠭᠡᠷ ᠢ᠋ ᠦᠨᠳᠦᠰᠦᠲᠡᠨ ᠨᠦ᠍ᠭᠦᠳ ᠤ᠋ᠨ ᠨᠡᠩ ᠤᠯᠠᠨ ᠠᠷᠠᠳ ᠲᠦᠮᠡᠨ ᠳ᠋ᠦ᠍ ᠬᠦᠷᠭᠡᠵᠤ᠂ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭᠴᠠ ᠵᠢᠨ ᠤᠬᠠᠮᠰᠠᠷ ᠢ᠋ ᠪᠠᠳᠤ ᠴᠤᠭᠴᠠᠯᠠᠬᠤ ᠪᠠ 〈ᠵᠢᠱ᠌ᠢᠶᠡᠴᠢ ᠥᠪᠡᠷᠲᠡᠭᠡᠨ ᠵᠠᠰᠠᠬᠤ ᠣᠷᠣᠨ〉 ᠢ᠋ ᠪᠦᠬᠦ ᠲᠠᠯ᠎ᠠ ᠪᠠᠷ ᠪᠦᠲᠦᠭᠡᠨ ᠪᠠᠢᠭᠤᠯᠬᠤ ᠳ᠋ᠤ᠌ ᠤᠳᠭ᠎ᠠ ᠤᠷᠠᠯᠢᠭ ᠤ᠋ᠨ ᠤᠬᠠᠭᠤᠯᠭ᠎ᠠ ᠬᠥᠮᠦᠵᠢᠯ ᠤ᠋ᠨ ᠢᠳᠡᠪᠬᠢ ᠦᠢᠯᠡᠳᠦᠯ ᠢ᠋ ᠪᠠᠳᠠᠷᠠᠭᠤᠯᠤᠨ᠎ᠠ᠃ ᠮᠠᠷᠭᠠᠰᠢ ᠪᠢᠳᠡ ᠪᠤᠭᠤᠳᠤ ᠬᠤᠳᠠ ᠳ᠋ᠤ ᠬᠦᠷᠴᠦ ᠬᠤᠶᠠᠷ ᠳᠠᠯᠠᠪᠠᠢ ᠳᠤᠭᠯᠠᠯᠳᠠ ᠭᠠᠷᠭᠠᠬᠤ ᠪᠡᠷ ᠳᠤᠭᠳᠠᠵᠤ᠂ ᠳᠠᠷᠠᠭᠠᠴᠢ ᠪᠡᠷ ᠤᠷᠤᠨ ᠤ᠋ ᠭᠠᠳᠠᠨ᠎ᠠ ᠬᠦᠷᠴᠦ ᠦᠷᠭᠦᠯᠵᠢᠯᠡᠨ ᠳᠤᠭᠯᠠᠯᠳᠠ ᠭᠠᠷᠭᠠᠬᠤ ᠲᠦᠯᠦᠪᠯᠡᠭᠡ ᠳᠠᠢ》 ᠭᠡᠵᠤ ᠳᠤᠰ ᠵᠦᠴᠦᠭᠡ ᠵᠢᠨ ᠤᠳᠤᠷᠢᠳᠤᠭᠠᠴᠢ ᠰᠦᠩ ᠭᠦᠧᠧ ᠹᠧᠨᠭ ᠬᠡᠯᠡᠨ᠎ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃