ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-01 21:10:48

ᠵᠣᠬᠢᠶᠠᠭ᠍ᠴᠢ᠄ ᠼᠠᠢ ᠬᠤᠡᠭ ᠣᠩᠱᠢᠭ᠍ᠰᠠᠨ ᠣᠳᠠᠭ᠎ᠠ᠄ 3

《 ᠳᠦᠷᠪᠡᠨ ᠤᠯᠠᠷᠢᠯ 》 ᠤ᠋ᠨ ᠳᠠᠭᠤᠯᠠᠯ ᠬᠦᠬᠡᠬᠤᠲᠠ ᠳ᠋ᠦ ᠤᠶᠠᠡᠭᠭᠠᠷᠠᠨ᠎ᠠ

ᠮᠤᠷᠢᠨ ᠬᠤᠭᠤᠷ ᠤ᠋ᠨ ᠡᠭᠡᠰᠢᠭ ᠬᠠᠡᠭᠭᠢᠨᠠᠨ ᠨᠠᠢᠷᠠᠯ ᠳᠠᠭᠤᠤ ᠤᠶᠠᠡᠭᠭᠠᠷᠠᠵᠤ ᠂ ᠦᠪᠦᠷ ᠮᠤᠡᠭᠭᠤᠯ ᠤᠷᠤᠨ ᠤ᠋ ᠳᠦᠷᠪᠡᠨ ᠤᠯᠠᠷᠢᠯ ᠤ᠋ᠨ ᠦᠵᠡᠮᠵᠢ ᠠᠯᠭᠤᠷᠬᠠᠨ ᠳᠡᠯᠭᠡᠭᠳᠡᠯ᠎ᠠ ᠃ 7 ᠰᠠᠷ᠎ᠠ ᠶ᠋ᠢᠨ 31 ᠤ᠋ ᠤᠷᠤᠢ ᠂ ᠦᠪᠦᠷ ᠮᠤᠡᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠡᠭ ᠤ᠋ᠨ ᠨᠠᠢᠷᠠᠯ ᠳᠠᠭᠤᠤ ᠶ᠋ᠢᠨ ᠪᠦᠯᠬᠦᠮ ᠤ᠋ᠨ 《ᠳᠦᠷᠪᠡᠨ ᠤᠯᠠᠷᠢᠯ》 ᠠᠬᠤᠢ ᠦᠵᠡᠭᠳᠡᠯᠲᠦ ᠨᠠᠢᠷᠠᠯ ᠳᠠᠭᠤᠤ ᠶ᠋ᠢᠨ ᠴᠤᠭᠯᠠᠭᠠᠨ ᠦᠪᠦᠷ ᠮᠤᠡᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠡᠭ ᠤ᠋ᠨ ᠳᠠᠭᠤᠤ ᠬᠦᠭᠵᠢᠮ ᠤ᠋ᠨ ᠲᠢᠡᠭᠬᠢᠮ ᠳ᠋ᠦ ᠶᠠᠪᠤᠭᠳᠠᠪᠠ ᠃

ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠦᠯ ᠤ᠋ᠨ ᠨᠠᠢᠷ ᠤ᠋ᠨ ᠰᠢᠯᠢᠳᠡᠭ ᠲᠤᠭᠯᠠᠯᠲᠠ ᠶ᠋ᠢᠨ ᠨᠢᠭᠡ ᠪᠤᠯᠤᠭᠰᠠᠨ 《ᠳᠦᠷᠪᠡᠨ ᠤᠯᠠᠷᠢᠯ》 ᠨᠠᠢᠷᠠᠯ ᠳᠠᠭᠤᠤ ᠶ᠋ᠢᠨ ᠴᠤᠭᠯᠠᠭᠠᠨ ᠨᠢ 《ᠮᠤᠩᠭᠤᠯ ᠮᠤᠷᠢ》 ᠂ 《ᠲᠦᠳᠡᠭ ᠭᠠᠯ》 ᠂ 《ᠳᠦᠷᠪᠡᠨ ᠨᠠᠰᠤᠲᠠᠢ ᠬᠠᠯᠢᠭᠤᠨ》 ᠂ 《ᠦᠨᠦᠴᠢᠨ ᠪᠤᠳᠤᠭᠤ》 ᠂ 《ᠳᠦᠷᠪᠡᠨ ᠤᠯᠠᠷᠢᠯ》ᠵᠡᠷᠭᠡ ᠭᠤᠢᠳᠠ ᠰᠠᠢᠬᠠᠨ 12 ᠲᠤᠭᠯᠠᠯᠲᠠ ᠵᠢ ᠪᠠᠭᠲᠠᠭᠠᠪᠠ ᠃ 《ᠪᠢᠳᠡ ᠡᠨᠡ ᠤᠷᠤᠢ ᠬᠦᠬᠡ ᠤᠭᠲᠠᠷᠭᠤᠢ ᠂ ᠬᠦᠷᠦᠰᠦᠲᠦ ᠳᠡᠯᠡᠬᠡᠢ ᠂ ᠠᠵᠢᠨᠠᠢ ᠬᠦᠯᠦᠭ ᠂ ᠴᠡᠯᠡᠭᠡᠷ ᠲᠠᠯ᠎ᠠ ᠪᠠᠨ ᠳᠠᠭᠤᠯᠠᠭᠰᠠᠨ ᠤᠯᠠᠮᠵᠢᠯᠠᠯᠲᠤ ᠠᠷᠠᠳ ᠤ᠋ᠨ ᠳᠠᠭᠤᠤ 〈ᠳᠦᠷᠪᠡᠨ ᠨᠠᠰᠤᠲᠠᠢ ᠬᠠᠯᠢᠭᠤᠨ〉 ᠢ᠋ ᠬᠦᠭᠵᠢᠮ ᠦᠯᠦ ᠬᠠᠪᠰᠤᠷᠭᠠᠬᠤ ᠬᠡᠯᠪᠡᠷᠢ ᠪᠡᠷ ᠦᠵᠡᠭᠴᠢᠳ ᠲᠡᠬᠡᠨ ᠲᠡᠪᠰᠢᠬᠦᠯᠪᠡ ᠃ ᠡᠨᠡ ᠪᠤᠯ ᠳᠠᠭᠤᠤ ᠤᠷᠠᠯᠢᠭ ᠤ᠋ᠨ ᠪᠠᠰᠠ ᠨᠢᠬᠡ ᠵᠦᠢᠯ ᠤ᠋ᠨ ᠢᠯᠡᠳᠭᠡᠬᠦ ᠬᠡᠯᠪᠡᠷᠢ ᠪᠤᠯᠤᠨ᠎ᠠ ᠂ ᠡᠯ᠎ᠡ ᠵᠦᠢᠯ ᠤ᠋ᠨ ᠬᠦᠭᠵᠢᠮ ᠤ᠋ᠨ ᠠᠶᠠᠯᠭᠤ ᠂ ᠡᠬᠡ ᠪᠠᠢᠭᠠᠯᠢ ᠶ᠋ᠢᠨ ᠡᠯᠳᠡᠪ ᠳᠠᠭᠤᠨ ᠢ᠋ ᠪᠦᠷ ᠳᠠᠭᠤᠴᠢᠳ ᠤ᠋ᠨ ᠬᠤᠭᠤᠯᠠᠢ ᠪᠡᠷ ᠳᠠᠮᠵᠢᠨ ᠢᠯᠡᠳᠭᠡᠬᠦ ᠪᠤᠯᠬᠤᠷ ᠲᠠᠭᠤᠴᠢᠳ ᠲᠦ᠍ ᠠᠪᠴᠤ ᠬᠡᠯᠡᠪᠡᠯ ᠨᠢᠬᠡ ᠤᠳᠠᠭ᠎ᠠ ᠵᠢᠨ ᠤᠷ᠎ᠠ ᠮᠡᠷᠭᠡᠵᠢᠯ ᠤ᠋ᠨ ᠰᠢᠯᠭᠠᠯᠲᠠ ᠪᠤᠯᠬᠤ ᠶᠤᠮ》 ᠭᠡᠵᠦ A - minor ᠬᠠᠮᠳᠤᠯᠢᠭ ᠤ᠋ᠨ ᠡᠭᠦᠰᠭᠡᠨ ᠪᠠᠢᠭᠤᠯᠤᠭᠴᠢ ᠴᠤᠯᠮᠤᠨ ᠶᠠᠷᠢᠵᠤ ᠪᠠᠢᠯ᠎ᠠ ᠃

ᠲᠤᠰ ᠠᠬᠤᠢ ᠦᠵᠡᠭᠳᠡᠯᠲᠦ ᠨᠠᠢᠷᠠᠯ ᠳᠠᠭᠤᠤ ᠶ᠋ᠢᠨ ᠴᠤᠭᠯᠠᠭᠠᠨ ᠨᠢ 《ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠥᠨ》 ᠭᠡᠬᠦ᠌ ᠣᠢᠯᠠᠭᠠᠭ᠍ᠳᠠᠬᠤᠨ ᠪᠣᠯᠤᠨ ᠶᠡᠷᠦᠩᠬᠡᠢ ᠱᠦᠵᠢ ᠰᠢ ᠵᠢᠨ ᠫᠢᠩ ᠤ᠋ᠨ ᠥᠪᠥᠷ ᠮᠣᠩᠭᠣᠯ ᠳ᠋ᠤ ᠲᠤᠱᠢᠶᠠᠭ᠍ᠰᠠᠨ ᠲᠠᠪᠤᠨ ᠶᠡᠬᠡ ᠡᠭᠦᠷᠭᠡ ᠪᠡᠷ ᠭᠠᠷᠳᠠᠴᠠ ᠪᠤᠯᠭᠠᠨ ᠂ ᠥᠪᠥᠷ ᠮᠣᠩᠭᠣᠯ ᠤ᠋ᠨ ᠠᠷᠠᠳ ᠲᠦᠮᠡᠨ ᠤ᠋ ᠦᠶ᠎ᠡ ᠲᠠᠮᠵᠢᠨ ᠠᠮᠢ ᠠᠬᠤᠢ ᠣᠷᠴᠢᠨ ᠲᠣᠭᠣᠷᠢᠨ ᠶ᠋ᠢᠡᠨ ᠬᠠᠮᠠᠭᠠᠯᠠᠭᠰᠠᠭᠠᠷ ᠢᠷᠡᠭᠰᠡᠨ ᠰᠣᠶᠣᠯ ᠤ᠋ᠨ ᠬᠡᠪ ᠴᠢᠨᠠᠷ ᠢ᠋ ᠢᠯᠡᠷᠡᠬᠦᠯᠵᠤ ᠂ ᠬᠥᠮᠦᠨ ᠲᠥᠷᠥᠯᠬᠢᠲᠡᠨ ᠤ᠋ ᠡᠬᠡ ᠪᠠᠢᠭᠠᠯᠢ ᠪᠠᠨ ᠬᠠᠢᠷᠠᠯᠠᠨ ᠬᠠᠮᠠᠭᠠᠯᠠᠬᠤ ᠬᠠᠢᠷ᠎ᠠ ᠰᠡᠳᠬᠢᠯᠭᠡ ᠵᠢ ᠮᠠᠭᠳᠠᠨ ᠳᠠᠭᠤᠯᠠᠵᠤ ᠂ ᠬᠥᠮᠦᠰ ᠤ᠋ᠨ ᠠᠮᠢ ᠨᠠᠰᠤ ᠵᠢ ᠬᠦᠨᠳᠦᠳᠭᠡᠬᠦ᠌ ᠰᠡᠳᠭᠢᠯᠭᠡ ᠵᠢ ᠬᠥᠭ᠌ᠵᠢᠭᠡᠨ ᠂ ᠰᠠᠢ᠌ᠨ ᠰᠠᠢᠬᠠᠨ ᠠᠮᠢᠳᠤᠷᠠᠯ ᠤ᠋ᠨ ᠬᠦᠰᠡᠯ ᠡᠷᠡᠮᠡᠯᠵᠡᠯ ᠤ᠋ᠨ ᠲᠤᠬᠠᠢ ᠴᠢᠩ ᠦᠨᠡᠨᠴᠢ ᠬᠠᠢᠷ᠎ᠠ ᠰᠡᠳᠭᠢᠯᠭᠡ ᠵᠢ ᠢᠯᠡᠳᠬᠡᠵᠠᠢ ᠃ 《ᠴᠤᠭᠯᠠᠭᠠᠨ ᠤ᠋ ᠪᠦᠬᠦ ᠲᠤᠭᠯᠠᠯᠲᠠ ᠨᠢ ᠤᠯᠠᠮᠵᠢᠯᠠᠯᠲᠤ ᠨᠠᠢᠷᠠᠯ ᠳᠠᠭᠤᠤ ᠶ᠋ᠢᠨ ᠵᠢᠭᠳᠡᠷᠡᠨ ᠵᠤᠭᠰᠤᠭᠠᠳ ᠳᠠᠭᠤᠯᠠᠬᠤ ᠬᠡᠪᠰᠢᠮᠠᠯ ᠬᠡᠯᠪᠡᠷᠢ ᠵᠢ ᠡᠪᠳᠡᠵᠦ ᠂ ᠪᠦᠲᠦᠭᠡᠯ ᠤ᠋ᠨ ᠠᠭᠤᠯᠭ᠎ᠠ ᠵᠢ ᠦᠨᠳᠦᠰᠦᠯᠡᠨ ᠳᠦᠭᠦᠮ ᠠᠪᠰᠠᠷᠬᠠᠨ ᠮᠦᠷᠲᠡᠭᠡᠨ ᠤᠢᠯᠠᠭᠠᠮᠵᠢᠳᠠᠢ ᠵᠦᠴᠦᠭᠡ ᠶ᠋ᠢᠨ ᠦᠢᠯᠡ ᠶᠠᠪᠤᠳᠠᠯ ᠤ᠋ᠨ ᠲᠤᠭᠯᠠᠯᠲᠠ ᠵᠢ ᠲᠤᠷᠰᠢᠨ ᠬᠠᠪᠰᠤᠷᠭᠠᠬᠤ ᠂ ᠮᠤᠷᠢᠨ ᠬᠤᠭᠤᠷ ᠤ᠋ᠨ ᠭᠤᠴᠤᠯᠠᠯ ᠬᠦᠭᠵᠢᠮ ᠳ᠋ᠦ ᠨᠠᠢᠷᠠᠯ ᠳᠠᠭᠤᠤ ᠬᠠᠪᠰᠤᠷᠭᠠᠬᠤ ᠵᠡᠷᠭᠡ ᠤᠯᠠᠨ ᠵᠦᠢᠯ ᠤ᠋ᠨ ᠰᠢᠨ᠎ᠡ ᠵᠢ ᠡᠬᠦᠳᠦᠭᠰᠡᠨ ᠬᠡᠯᠪᠡᠷᠢ ᠪᠡᠷ ᠶᠠᠪᠤᠭᠳᠠᠵᠠᠢ᠃ ᠪᠢᠳᠡ ᠲᠤᠭᠯᠠᠯᠲᠠ ᠪᠡᠷ ᠳᠠᠮᠵᠢᠨ ᠬᠦᠮᠦᠰ ᠤ᠋ᠨ ᠡᠬᠡ ᠪᠠᠢᠭᠠᠯᠢ ᠤᠷᠴᠢᠨ ᠲᠤᠭᠤᠷᠢᠨ ᠶ᠋ᠢᠡᠨ ᠬᠠᠮᠠᠭᠠᠯᠠᠬᠤ ᠤᠬᠠᠮᠰᠠᠷ ᠢ᠋ ᠴᠢᠨᠠᠭᠰᠢᠳᠠ ᠳᠡᠭᠡᠭᠰᠢᠯᠡᠭᠦᠯᠬᠦ ᠵᠢ ᠵᠤᠷᠢᠯ᠎ᠠ》 ᠭᠡᠵᠦ ᠦᠪᠦᠷ ᠮᠤᠡᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠡᠭ ᠤ᠋ᠨ ᠨᠠᠢᠷᠠᠯ ᠳᠠᠭᠤᠤ ᠶ᠋ᠢᠨ ᠪᠦᠯᠬᠦᠮ ᠤ᠋ᠨ ᠬᠠᠷᠢᠭᠤᠴᠠᠯᠭᠠᠲᠠᠨ ᠭᠠᠷᠪᠤ ᠶᠡᠷᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面