ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-02 20:42:23

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠬᠡᠬᠡᠨᠴᠢᠷ ᠰᠠᠢᠬᠠᠨ ᠪᠦᠵᠢᠭ᠎ᠤᠨ ᠳᠠᠢᠰᠠᠨ᠎ᠳᠤ ᠠᠭᠤᠳᠠᠮ ᠳᠠᠯ᠎ᠠ᠂ ᠰᠦᠷᠯᠢᠭ ᠠᠭᠤᠯᠠ ᠢᠯᠡᠷᠡᠵᠦ᠂ ᠪᠦᠵᠢᠭᠴᠢᠳ ᠬᠠᠯᠢᠭᠤᠨ ᠭᠠᠯᠠᠭᠤ᠂ ᠠᠳᠤᠭᠤ᠂ ᠴᠢᠨ᠋ᠸ᠎ᠠ᠎ᠶᠢ ᠬᠦᠮᠦᠨᠴᠢᠯᠡᠨ ᠪᠦᠵᠢᠭᠯᠡᠵᠦ᠂ ᠦᠵᠡᠭᠴᠢᠳ᠎ᠤᠨ ᠭᠠᠢᠬᠠᠰᠢ ᠵᠢ ᠲᠦᠷᠦᠬᠦᠯᠦᠨ᠎ᠡ᠃ 8 ᠰᠠᠷ᠎ᠠ᠎ᠶᠢᠨ 1᠎ᠤ᠋ ᠤᠷᠤᠢ᠂ ᠦᠪᠦᠷ ᠮᠤᠨᠭᠭᠤᠯ᠎ᠤᠨ ᠤᠯᠠᠭᠠᠨ ᠲᠢᠶᠠᠲᠷ᠎ᠲᠦ ᠪᠦᠵᠢᠭᠳᠦ ᠲᠢᠶᠠᠲᠷ 《ᠦᠵᠡᠭᠳᠡᠯ》 ᠬᠦᠰᠢᠭᠡ ᠪᠠᠨ ᠰᠡᠬᠦᠵᠦ ᠂ 90 ᠮᠢᠨᠦ᠋ᠲ᠎ᠤᠨ ᠭᠤᠢᠳᠠ ᠰᠠᠢᠬᠠᠨ ᠲᠤᠭᠯᠠᠯᠳᠠ ᠪᠠᠷ ᠦᠵᠡᠭᠴᠢᠳ᠎ᠤᠨ ᠬᠠᠷᠠᠭ᠎ᠠ ᠵᠢ ᠪᠠᠶᠠᠰᠬᠠᠵᠠᠢ᠃

ᠬᠤᠷᠢᠳᠤᠭᠠᠷ ᠬᠤᠭᠤᠴᠠᠭᠠᠨ᠎ᠤ ᠲᠤᠮᠳᠠᠳᠦ ᠤᠯᠤᠰ ·ᠦᠪᠦᠷ ᠮᠤᠨᠭᠭᠤᠯ᠎ᠤᠨ ᠳᠠᠯ᠎ᠠ ᠨᠤᠲᠤᠭ᠎ᠤᠨ ᠰᠤᠶᠤᠯ᠎ᠤᠨ ᠨᠠᠢᠷ᠎ᠤᠨ ᠰᠢᠯᠢᠳᠡᠭ ᠲᠤᠭᠯᠠᠯᠳᠠ᠎ᠶᠢᠨ ᠨᠢᠭᠡ ᠪᠤᠯᠬᠤ 《 ᠦᠵᠡᠭᠳᠡᠯ》 ᠨᠢ 《 ᠰᠢᠯᠦᠭᠯᠢᠭ ᠤᠷᠤᠨ》 ᠂ 《ᠬᠦᠰᠡᠯ ᠲᠡᠮᠡᠥᠯᠤᠯᠳᠦ ᠠᠮᠢᠳᠤᠷᠠᠯ》 ᠂ 《ᠲᠤᠩᠭᠠᠯᠳᠠ》 ᠭᠡᠬᠦ ᠭᠤᠷᠪᠠᠨ ᠬᠡᠰᠡᠭ ᠵᠢᠡᠷ ᠪᠦᠷᠢᠯᠳᠦᠵᠦ᠂ ᠤᠯᠠᠮᠵᠢᠯᠠᠯᠲᠤ ᠤᠳᠭ᠎ᠠ ᠠᠭᠤᠯᠭ᠎ᠠ ᠳᠡᠭᠡᠷᠡᠬᠢ ᠭᠤᠤ᠎ᠠ ᠵᠦᠶ᠎ᠵᠢ ᠲᠠᠶᠠᠭᠳᠠᠵᠦ ᠂ ᠣᠳᠣ ᠦᠶ᠎ᠡ᠎ᠶ᠋ᠢᠨ ᠪᠥᠵᠢᠭ᠎ᠦᠨ ᠰᠠᠨᠠᠭ᠎ᠠ ᠠᠬᠤᠢ ᠂ ᠬᠥᠳᠡᠯᠦᠯ ᠪᠠᠷᠢᠯ᠎ᠢᠶᠡᠷ ᠵᠠᠮᠪᠠᠷᠠᠭ᠎ᠠ ᠦᠬᠡᠢ ᠤᠯᠠᠨ ᠦᠵᠡᠭᠳᠡᠯ᠎ᠢ ᠭᠤᠤᠯ ᠪᠠᠭᠠᠳᠤᠷ᠎ᠤᠨ ᠦᠢᠯᠡ ᠬᠦᠳᠡᠯᠦᠯ᠎ᠢᠶᠡᠷ ᠬᠤᠯᠪᠤᠵᠦ᠂ ᠬᠦᠮᠦᠨ ᠴᠢᠨᠠᠷ᠂ ᠬᠠᠢᠷ᠎ᠠ ᠰᠡᠳᠬᠢᠯᠬᠡ᠎ᠵᠢ ᠲᠤᠩᠭᠠᠨ ᠰᠢᠨᠵᠢᠵᠦ᠂ ᠪᠦᠷᠢᠨ ᠪᠦᠳᠦᠨ ᠭᠤᠤᠯ ᠰᠡᠳᠦᠪ᠎ᠢᠶᠡᠨ ᠤᠷᠠᠯᠢᠭ᠎ᠢᠶᠡᠷ ᠢᠯᠡᠷᠡᠬᠦᠯᠦᠭᠰᠡᠨ ᠪᠦᠳᠦᠭᠡᠯ ᠪᠤᠯᠤᠨ᠎ᠠ᠃

ᠤᠢᠯᠠᠭᠠᠭᠰᠠᠨ᠎ᠢᠶᠡᠷ᠂ ᠪᠦᠵᠢᠭᠳᠦ ᠲᠢᠶᠠᠲᠷ ᠬᠡᠬᠦ ᠤᠬᠠᠭᠳᠠᠬᠤᠨ ᠪᠤᠯ ᠳᠡᠭᠡᠷ᠎ᠠ ᠵᠠᠭᠤᠨ᠎ᠤ ᠳᠠᠪᠢᠭᠠᠳ ᠤᠨ᠎ᠳᠤ ᠭᠧᠷᠮᠠᠨ᠎ᠳᠦ ᠲᠤᠷᠠᠳᠴᠤ ᠭᠠᠷᠭᠠᠭᠰᠠᠨ ᠰᠢᠨᠡᠬᠡᠨ ᠤᠷᠠᠯᠢᠬ᠎ᠤᠨ ᠬᠡᠯᠪᠡᠷᠢ ᠪᠤᠯᠤᠨ᠎ᠠ᠃ ᠪᠦᠵᠢᠭᠳᠦ ᠵᠦᠴᠦᠭᠡ ᠪᠤᠯ ᠪᠦᠵᠢᠭ ᠬᠢᠭᠡᠳ ᠰᠢ ᠵᠦᠴᠦᠬᠡ᠎ᠶᠢᠨ ᠬᠠᠷᠢᠴᠠᠭ᠎ᠠ᠎ᠵᠢ ᠢᠯᠡᠬᠦᠦ ᠲᠤᠪᠤᠢᠯᠭᠠᠨ ᠴᠤᠯ ᠪᠦᠵᠢᠭ᠎ᠤᠨ ᠦᠢᠯᠡ ᠬᠦᠳᠡᠯᠦᠯ᠎ᠢᠶᠡᠷ ᠦᠯᠢᠬᠡᠷ᠎ᠤᠨ ᠦᠢᠯᠡ ᠶᠠᠪᠤᠳᠠᠯ᠎ᠢ ᠢᠯᠡᠳᠬᠡᠳᠡᠭ ᠪᠤᠯ ᠂ ᠪᠦᠵᠢᠭᠳᠦ ᠲᠢᠶᠠᠲᠷ ᠤᠯᠠᠩᠬᠢ ᠪᠠᠢᠳᠠᠯ᠎ᠳᠤ ᠨᠢᠭᠡ ᠪᠦᠷᠢᠨ ᠪᠦᠳᠦᠨ ᠦᠯᠢᠭᠡᠷ ᠦᠢᠯᠡ ᠶᠠᠪᠤᠳᠠᠯ᠎ᠢ ᠢᠯᠡᠳᠬᠡᠳᠡᠭ ᠪᠢᠰᠢ᠃ 《ᠡᠨᠡ ᠬᠦ᠌ ᠪᠦᠳᠦᠭᠡᠯ ᠪᠤᠯ ᠨᠢᠭᠡ ᠳᠠᠪᠴᠠᠩ ᠪᠠᠢᠭᠤᠯᠤᠭᠰᠠᠨ ᠭᠡᠯᠪᠡᠷᠢ ᠵᠢᠨ ᠲᠤᠭᠯᠠᠯᠳᠠ᠂ ᠡᠨᠡ ᠪᠦᠳᠦᠭᠡᠯ᠎ᠢᠶᠡᠷ ᠳᠠᠮᠵᠢᠭᠤᠯᠤᠨ ᠦᠵᠡᠭᠴᠢᠳ ᠦᠪᠡᠷᠰᠡᠳ᠎ᠤᠨ᠎ᠢᠶᠡᠨ ᠠᠮᠢᠳᠤᠷᠠᠯ᠎ᠳᠤ ᠦᠵᠡᠭᠰᠡᠨ᠂ ᠰᠤᠨᠤᠰᠤᠭᠰᠠᠨ᠂ ᠲᠦᠷᠦᠭᠳᠡᠭᠰᠡᠨ᠎ᠢᠶᠡᠨ ᠤᠯᠵᠦ ᠬᠠᠷᠠᠵᠦ ᠪᠤᠯᠳᠠᠭ᠂ ᠦᠵᠡᠭᠴᠢᠳ᠎ᠲᠦ ᠬᠢᠵᠠᠭᠠᠯᠠᠰᠢ ᠦᠬᠡᠢ ᠲᠦᠰᠦᠭᠡᠯᠡᠨ ᠪᠤᠳᠤᠬᠤ ᠤᠷᠤᠨ ᠵᠠᠢ ᠬᠠᠩᠭᠠᠵᠦ᠂ ᠲᠤᠭᠯᠠᠯᠳᠠ ᠵᠢ ᠰᠤᠨᠢᠷᠬᠠᠬᠤ ᠲᠤᠮᠳᠠ ᠬᠦᠮᠦᠨ ᠪᠤᠯᠭᠠᠨ᠎ᠢ ᠦᠪᠡᠷ᠎ᠢ ᠪᠠᠨ ᠲᠤᠩᠭᠠᠵᠦ᠂ ᠰᠡᠳᠬᠢᠨ ᠪᠤᠳᠤᠯᠬᠢᠯᠠᠭᠤᠯᠳᠠᠭ᠂ ᠦᠨᠡᠨᠳᠡᠭᠡᠨ ᠦᠵᠡᠭᠴᠢᠳ ᠎ᠴᠦ ᠲᠤᠰ ᠵᠦᠴᠦᠭᠡ᠎ᠶᠢᠨ ᠨᠢᠭᠡ ᠪᠦᠷᠢᠯᠳᠦᠬᠦᠨ ᠬᠡᠰᠡᠭ ᠶᠤᠮ》 ᠭᠡᠵᠦ ᠲᠤᠰ ᠵᠦᠴᠦᠭᠡ᠎ᠶᠢᠨ ᠤᠳᠤᠷᠢᠳᠤᠭᠠᠴᠢ ᠵᠧᠩ ᠽᠢ ᠬᠤᠤ ᠬᠡᠯᠡᠨ᠎ᠡ᠃

ᠪᠥᠵᠢᠭ᠌ᠲᠦ ᠲᠢᠶᠠᠲ᠋ᠷ 《ᠦᠵᠡᠭᠳᠡᠯ》 ᠎ᠢ᠋ ᠵᠤᠬᠢᠶᠠᠨ ᠪᠦᠳᠦᠭᠡᠬᠦ᠎ᠳᠤ ᠳᠤᠮᠳᠠᠳᠤ ᠤᠯᠤᠰ᠎ᠤᠨ ᠪᠥᠵᠢᠭ᠌ᠴᠢᠳ᠎ᠦᠨ ᠨᠡᠢᠭᠡᠮᠯᠢᠭ᠎ᠦᠨ ᠹᠸᠩ ᠱᠤᠸᠠᠩ ᠪᠠᠢ ᠲᠡᠷᠢᠭᠦᠯᠡᠭ᠌ᠴᠢ᠎ᠵᠢ ᠤᠷᠠᠯᠢᠭ᠎ᠤᠨ ᠵᠢᠯᠤᠭᠤᠳᠤᠭᠴᠢ ᠪᠡᠷ ᠤᠷᠢᠵᠤ᠂ ᠳᠤᠮᠳᠠᠳᠤ ᠤᠯᠤᠰ᠎ᠤᠨ ᠲᠠᠭᠤᠯᠠᠯᠳᠤ ᠵᠦᠴᠦᠭᠡ ᠪᠥᠵᠢᠭ᠌ᠲᠦ ᠵᠦᠴᠦᠭᠡ᠎ᠶ᠋ᠢᠨ ᠬᠦᠷᠢᠶᠡᠯᠡᠩ᠎ᠦᠨ ᠲᠡᠷᠢᠭᠦᠨ ᠪᠦᠵᠢᠭᠴᠢᠨ ᠲᠠᠩ ᠱ᠌ᠢ ᠢ ᠂ ᠱᠢᠯᠢᠳᠡᠭ ᠵᠠᠯᠠᠭᠤ ᠤᠳᠤᠷᠢᠳᠤᠭᠠᠴᠢ ᠵᠧᠩ ᠽᠢ ᠬᠤᠤ ᠶᠡᠷᠦᠩᠬᠡᠢ ᠤᠳᠤᠷᠢᠳᠤᠭᠠᠴᠢ᠎ᠪᠤᠯᠵᠦ᠂ ᠬᠥᠬᠡᠬᠣᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠦᠨ ᠲᠠᠭᠤᠯᠠᠯᠳᠤ ᠵᠦᠴᠦᠭᠡ ᠪᠥᠵᠢᠭ᠌ᠲᠦ ᠵᠦᠴᠦᠭᠡ᠎ᠶ᠋ᠢᠨ ᠬᠦᠷᠢᠶᠡᠯᠡᠩ᠎ᠦᠨ ᠰᠢᠯᠢᠳᠡᠭ ᠲᠤᠭᠯᠠᠭᠴᠢᠳ ᠲᠤᠭᠯᠠᠵᠦ ᠂ ᠪᠥᠵᠢᠭ ᠂ ᠳᠠᠭᠤᠤ ᠬᠥᠭ᠌ᠵᠢᠮ ᠂ ᠰᠢ ᠵᠦᠴᠦᠭᠡ ᠂ ᠤᠷᠠᠯᠢᠭ᠎ᠤᠨ ᠲᠥᠬᠥᠭᠡᠷᠦᠮᠵᠢ ᠂ ᠵᠢᠷᠤᠭ ᠳᠦᠷᠰᠦ ᠵᠡᠷᠭᠡ ᠣᠯᠠᠨ ᠤᠷᠠᠯᠢᠭ᠎ᠤᠨ ᠲᠥᠷᠥᠯ ᠵᠦᠶ᠋ᠯ᠎ᠢ ᠠᠭᠤᠰᠤᠯᠴᠠᠭᠤᠯᠤᠨ ᠪᠦᠲᠦᠭᠡᠬᠰᠡᠨ ᠬᠥᠬᠡᠬᠣᠲᠠ᠎ᠶ᠋ᠢᠨ ᠭᠣᠣᠯᠳᠠᠯᠭ᠎ᠠ᠎ᠲᠠᠶ ᠲᠠᠢᠰᠠᠨ᠎ᠤ ᠪᠦᠲᠦᠭᠡᠯ ᠪᠣᠯᠤᠨ᠎ᠠ᠃ 2023 ᠤᠨ᠎ᠤ ᠬᠠᠪᠤᠷ ᠤᠯᠤᠰ᠎ᠤᠨ ᠲᠤᠮᠤ ᠲᠢᠶᠠᠲᠷ᠎ᠲᠦ ᠠᠩᠬ᠎ᠠ ᠤᠳᠠᠭ᠎ᠠ ᠲᠤᠭᠯᠠᠵᠦ᠂ ᠪᠦᠬᠦ ᠤᠯᠤᠰ᠎ᠲᠦ ᠠᠯᠳᠠᠷ ᠮᠠᠨᠳᠤᠨ᠂ ᠬᠦᠮᠦᠰ᠎ᠤᠨ ᠬᠠᠯᠠᠭᠤᠨ ᠬᠦᠷᠢᠶᠡᠯᠡᠯ᠎ᠢ ᠤᠯᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面