2023-08-04 10:36:55
ᠦᠨᠡᠨ ᠪᠤᠳᠠᠳᠠᠢ ᠦᠢᠯᠡ ᠶᠠᠪᠤᠳᠠᠯ ᠳ᠋ᠦ ᠰᠠᠭᠤᠷᠢᠯᠠᠬᠰᠠᠨ 《ᠬᠦᠬᠡᠮᠳᠦᠭ ᠠᠭᠤᠯᠠ ᠪᠠᠨ ᠬᠦᠰᠡᠷᠳᠡᠭᠦᠯᠬᠦ ᠦᠭᠡᠢ》 ᠵᠡᠭᠦᠨ ᠵᠠᠮ ᠤ᠋ᠨ ᠡᠯ ᠷᠸᠨ ᠲᠠᠢ ᠵᠦᠴᠦᠭᠡ ᠪᠡᠷ ᠲᠤᠭᠯᠠᠯᠳᠠ ᠵᠢᠨ ᠬᠦᠰᠢᠭᠡ ᠰᠡᠭᠦᠭᠳᠡᠯᠠ ᠃ 8 ᠰᠠᠷ᠎ᠠ ᠶ᠋ᠢᠨ 1 ᠤ᠋ ᠤᠷᠤᠢ ᠂ ᠬᠦᠬᠡᠬᠤᠲᠠ ᠶ᠋ᠢᠨ ᠦᠯᠢᠭᠡᠷ ᠤᠷᠠᠯᠢᠭ ᠤ᠋ᠨ ᠤᠷᠳᠤᠨ ᠳ᠋ᠦ ᠤᠯᠠᠭᠠᠨᠮᠥ᠋ᠴᠢᠷ ᠤ᠋ᠨ ᠰᠢᠨ᠎ᠡ ᠪᠦᠲᠦᠭᠡᠯ ᠤ᠋ᠨ ᠦᠵᠡᠭᠦᠯᠭᠡ ᠶ᠋ᠢᠨ ᠲᠤᠭᠯᠠᠯᠲᠠ ᠵᠢ ᠰᠤᠨᠢᠷᠬᠠᠭᠰᠠᠨ ᠦᠵᠡᠭᠴᠢᠳ《ᠰᠠᠢᠬᠠᠨ ᠲᠤᠭᠯᠠᠯᠲᠠ ᠪᠤᠯᠤᠯ᠎ᠠ》 ᠭᠡᠵᠦ ᠦᠪᠡᠷ ᠤ᠋ᠨ ᠡᠷᠬᠡ ᠦᠭᠡᠢ ᠱᠠᠭᠰᠢᠵᠠᠭᠠᠨᠠ ᠃
ᠦᠪᠡᠷᠲᠡᠭᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠲᠡᠰ ᠡᠴᠡ ᠵᠤᠬᠢᠶᠠᠨ ᠪᠠᠢᠭᠤᠯᠤᠭᠰᠠᠨ ᠤᠯᠠᠭᠠᠨᠮᠥ᠋ᠴᠢᠷ ᠤ᠋ᠨ ᠰᠢᠨ᠎ᠡ ᠪᠦᠲᠦᠭᠡᠯ ᠤ᠋ᠨ ᠦᠵᠡᠭᠦᠯᠭᠡ ᠶ᠋ᠢᠨ ᠲᠤᠭᠯᠠᠯᠲᠠ ᠪᠤᠯ ᠬᠤᠷᠢᠳᠤᠭᠠᠷ ᠬᠤᠭᠤᠴᠠᠭᠠᠨ ᠤ᠋ ᠳᠤᠮᠲᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠯᠢᠳᠡᠭ ᠲᠤᠭᠯᠠᠯᠲᠠ ᠶ᠋ᠢᠨ ᠨᠢᠭᠡ ᠪᠤᠯᠤᠨ᠎ᠠ ᠃ ᠪᠦᠬᠦᠢᠯᠡ ᠲᠤᠭᠯᠠᠯᠲᠠ ᠨᠢ 8 ᠰᠠᠷ᠎ᠠ ᠶ᠋ᠢᠨ 1 ᠪᠠ 3 ᠤ᠋ ᠤᠷᠤᠢ ᠬᠤᠶᠠᠷ ᠲᠠᠯᠠᠪᠠᠢ ᠶᠠᠪᠤᠭᠳᠠᠵᠤ᠂ ᠮᠠᠨ ᠤ᠋ ᠤᠷᠤᠨ ᠤ᠋ ᠤᠯᠠᠭᠠᠨᠮᠥ᠋ᠴᠢᠷ ᠡᠴᠡ ᠰᠠᠴᠤᠷᠠᠭᠰᠠᠨ ᠤᠷᠠᠯᠢᠭ ᠤ᠋ᠨ ᠬᠢᠯᠪᠠᠭ᠎ᠠ ᠵᠢ ᠬᠠᠷᠠᠭᠤᠯᠤᠨ ᠂ ᠰᠢᠨ᠎ᠡ ᠵᠢ ᠡᠬᠦᠳᠤᠨ ᠬᠦᠭᠵᠢᠵᠦ ᠪᠠᠢᠭ᠎ᠠ ᠦᠷ᠎ᠡ ᠪᠦᠲᠦᠭᠡᠯ ᠢ᠋ ᠲᠦᠪᠯᠡᠷᠡᠬᠦᠯᠦᠨ ᠲᠠᠯᠬᠡᠭᠰᠡᠨ ᠪᠠᠢᠨ᠎ᠠ ᠃
《ᠡᠬᠢᠯᠡᠯᠲᠡ ᠶ᠋ᠢᠨ ᠲᠤᠭᠯᠠᠯᠲᠠ ᠪᠤᠯᠬᠤᠷ ᠮᠠᠰᠢ ᠶᠡᠬᠡ ᠳᠠᠷᠤᠭᠠᠰᠤ ᠲᠠᠢ ᠪᠠᠢᠭᠰᠠᠨ ᠂ ᠬᠡᠪᠡᠴᠦ ᠦᠵᠡᠭᠴᠢᠳ ᠤᠤᠬᠠᠢᠯᠠᠵᠦ ᠠᠯᠠᠭ᠎ᠠ ᠲᠠᠰᠢᠬᠤᠯᠠᠷ ᠪᠢᠳᠡ ᠮᠠᠰᠢ ᠶᠡᠬᠡ ᠤᠷᠮᠠᠰᠢᠨ ᠵᠤᠷᠢᠭᠵᠢᠯ᠎ᠠ》 ᠭᠡᠵᠦ ᠤᠯᠠᠭᠠᠨᠴᠠᠪ ᠬᠤᠲᠠ ᠶ᠋ᠢᠨ ᠰᠢᠡᠭ ᠾᠸ ᠰᠢᠶᠠᠨ ᠤ᠋ ᠤᠯᠠᠭᠠᠨᠮᠦ᠋ᠴᠢᠷ ᠤ᠋ᠨ ᠳᠠᠷᠤᠭ᠎ᠠ ᠂ 《ᠬᠦᠬᠡᠮᠳᠦᠭ ᠠᠭᠤᠯᠠ ᠪᠠᠨ ᠬᠦᠰᠡᠷᠳᠡᠭᠦᠯᠬᠦ ᠦᠭᠡᠢ》 ᠵᠡᠭᠦᠨ ᠵᠠᠮ ᠤ᠋ᠨ ᠡᠯ ᠷᠸᠨ ᠲᠠᠢ ᠵᠦᠴᠦᠭᠡ ᠶ᠋ᠢᠨ ᠭᠤᠤᠯ ᠲᠤᠭᠯᠠᠭᠴᠢ ᠵᠠᠡᠭ ᠯᠢᠨ ᠶᠠᠷᠢᠨ᠎ᠠ ᠃ ᠲᠡᠷᠡ ᠄ 《ᠲᠤᠰ ᠵᠦᠴᠦᠭᠡ ᠪᠤᠯ ᠤᠮᠠᠷᠠᠲᠤ ᠬᠢᠯᠢ ᠶ᠋ᠢᠨ ᠵᠢᠱ᠌ᠢᠶᠠᠴᠢ — ᠰᠢᠡᠭ ᠾᠸ ᠰᠢᠶᠠᠨ ᠤ᠋ ᠳ᠋ᠥ᠋ᠡᠭ ᠬᠤᠡᠭ ᠷᠦᠢ ᠨᠠᠰᠤᠲᠠᠨ ᠤ᠋ 40 ᠭᠠᠷᠤᠢ ᠵᠢᠯ ᠮᠤᠲᠤ ᠲᠠᠷᠢᠵᠤ ᠂ ᠬᠤᠪᠠᠬᠠᠢ ᠠᠭᠤᠯᠠ ᠬᠤᠵᠢᠭᠢᠷ ᠵᠢᠯᠠᠭ᠎ᠠ ᠵᠢ ᠬᠦᠪᠴᠢᠨ ᠤᠢ ᠪᠤᠯᠭᠠᠭᠰᠠᠨ ᠦᠨᠡᠨ ᠪᠤᠳᠠᠲᠠᠢ ᠦᠢᠯᠡ ᠶᠠᠪᠤᠳᠠᠯ ᠳ᠋ᠦ ᠰᠠᠭᠤᠷᠢᠯᠠᠵᠠᠢ ᠃ ᠪᠢᠳᠡ ᠵᠤᠬᠢᠶᠠᠨ ᠪᠦᠲᠦᠭᠡᠬᠦ ᠶᠠᠪᠤᠴᠠ ᠳ᠋ᠤ ᠳ᠋ᠥ᠋ᠡᠭ ᠬᠤᠡᠭ ᠷᠦᠢ ᠨᠠᠰᠤᠲᠠᠨ ᠤ᠋ ᠳ᠋ᠦ ᠤᠯᠠᠨ ᠤᠳᠠᠭ᠎ᠠ ᠬᠦᠷᠴᠦ ᠵᠢᠭᠠᠯᠭᠠᠨ ᠵᠢᠯᠤᠭᠤᠳᠤᠭᠤᠯᠵᠦ ᠂ ᠰᠠᠨᠠᠯ ᠪᠤᠳᠤᠯ ᠶ᠋ᠢᠡᠨ ᠰᠤᠯᠢᠯᠴᠠᠭᠰᠠᠨ ᠪᠠᠢᠨ᠎ᠠ ᠃ ᠲᠤᠰ ᠵᠦᠴᠦᠭᠡ ᠪᠡᠷ ᠳᠠᠮᠵᠢᠨ ᠳ᠋ᠥ᠋ᠡᠭ ᠬᠤᠡᠭ ᠷᠦᠢ ᠨᠠᠰᠤᠲᠠᠨ ᠤ᠋ ᠵᠤᠷᠢᠭ ᠰᠠᠨᠠᠭ᠎ᠠ ᠵᠢ ᠤᠬᠠᠭᠤᠯᠤᠨ ᠪᠠᠳᠠᠷᠠᠭᠤᠯᠵᠤ ᠂ ᠨᠡᠡᠭ ᠤᠯᠠᠨ ᠬᠦᠮᠦᠰ ᠲᠦ᠍ 〈ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠲᠠ ᠮᠦᠡᠭᠬᠦᠨ ᠠᠭᠤᠯᠠ ᠮᠦᠨ〉 ᠭᠡᠬᠦ ᠤᠢᠯᠠᠭᠠᠭᠳᠠᠬᠤᠨ ᠢ᠋ ᠭᠦᠨᠵᠡᠭᠡᠢ ᠤᠢᠯᠠᠭᠠᠭᠤᠯᠬᠤ ᠵᠢ ᠵᠤᠷᠢᠭᠰᠠᠨ ᠶᠤᠮ》 ᠭᠡᠵᠦ ᠲᠠᠨᠢᠯᠴᠠᠭᠤᠯᠤᠨ᠎ᠠ ᠃
ᠬᠤᠶᠠᠷ ᠲᠠᠯᠠᠪᠠᠢ ᠲᠤᠭᠯᠠᠯᠲᠠ ᠨᠢ ᠳᠠᠭᠤᠤᠷᠢᠯᠢᠭ 《ᠬᠤᠷᠢᠳᠤᠭᠠᠷ ᠶᠡᠬᠡ ᠬᠤᠷᠠᠯ ᠢ᠋ ᠮᠠᠭᠲᠠᠨ ᠳᠠᠭᠤᠯᠠᠵᠤ ᠰᠢᠨ᠎ᠡ ᠠᠶᠠᠨ ᠳ᠋ᠦ ᠡᠷᠡᠮᠡᠬᠡᠢᠯᠡᠨ ᠤᠷᠤᠭᠰᠢᠯᠠᠶ᠎ᠠ》 ᠂ ᠳᠠᠭᠤᠤ 《ᠡᠬᠡ ᠤᠯᠤᠰ ᠤ᠋ᠨ ᠤᠮᠠᠷᠠᠲᠤ ᠬᠢᠯᠢ》 ᠂ ᠪᠦᠵᠢᠭ 《ᠰᠡᠳᠬᠢᠯ ᠤ᠋ᠨ ᠨᠠᠷᠠ》 ᠂ ᠡᠯ ᠷᠸᠨ ᠲᠠᠢ 《ᠪᠠᠶᠠᠵᠢᠯ ᠤ᠋ᠨ ᠵᠠᠮ ᠳ᠋ᠦ》 ᠮᠡᠲᠦ ᠶ᠋ᠢᠨ ᠪᠠᠶᠠᠯᠢᠭ ᠠᠭᠤᠯᠭ᠎ᠠ ᠪᠦᠬᠦᠢ 17 ᠲᠤᠭᠯᠠᠯᠲᠠ ᠪᠡᠷ ᠶᠠᠪᠤᠭᠳᠠᠵᠤ ᠂ ᠦᠵᠡᠭᠴᠢ ᠤᠯᠠᠨ ᠳ᠋ᠦ ᠰᠤᠶᠤᠯ ᠤᠷᠠᠯᠢᠭ ᠤ᠋ᠨ ᠲᠠᠡᠭᠰᠤᠭ ᠬᠦᠷᠲᠡᠭᠡᠯ ᠪᠤᠯᠵᠠᠢ ᠃ ᠡᠬᠦᠨ ᠳ᠋ᠤ ᠪᠦᠵᠢᠭ 《ᠰᠡᠳᠬᠢᠯ ᠤ᠋ᠨ ᠨᠠᠷᠠ》 ᠨᠢ ᠠᠭᠤᠤ ᠨᠠᠮ ᠤ᠋ᠨ ᠵᠢᠡᠨ ᠠᠴᠢ ᠭᠠᠪᠢᠶ᠎ᠠ ᠵᠢ ᠮᠠᠭᠲᠠᠨ ᠡᠬᠡ ᠤᠯᠤᠰ ᠶ᠋ᠢᠡᠨ ᠡᠭᠦᠷᠢᠲᠡ ᠬᠠᠢᠷᠠᠯᠠᠵᠤ ᠶᠠᠪᠤᠳᠠᠭ ᠠᠷᠤ ᠬᠤᠷᠴᠢᠨ ᠬᠤᠰᠢᠭᠤᠨ ᠤ᠋ ᠠᠷᠠᠳ ᠲᠦᠮᠡᠨ ᠂ ᠲᠡᠷᠡᠴᠢᠯᠡᠨ ᠪᠦᠬᠦ ᠦᠪᠦᠷ ᠮᠤᠡᠭᠭᠤᠯ ᠤ᠋ᠨ ᠠᠷᠠᠳ ᠲᠦᠮᠡᠨ ᠤ᠋ ᠨᠠᠮ ᠤ᠋ᠨ ᠤᠳᠤᠷᠢᠳᠤᠯᠭ᠎ᠠ ᠵᠢ ᠳᠠᠭᠠᠵᠤ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠡᠷᠡᠮᠡᠬᠡᠢᠯᠡᠨ ᠲᠡᠮᠡᠴᠡᠵᠦ ᠪᠠᠢᠭ᠎ᠠ ᠤᠶᠤᠨ ᠰᠠᠨᠠᠭᠠᠨ ᠤ᠋ ᠳᠦᠷᠰᠦ ᠪᠠᠢᠳᠠᠯ ᠢ᠋ ᠬᠠᠷᠠᠭᠤᠯᠪᠠ ᠃ ᠲᠤᠰ ᠪᠦᠵᠢᠭ ᠤ᠋ᠨ ᠲᠤᠭᠯᠠᠭᠴᠢ ᠸᠠᠡᠭ ᠯᠢᠡᠭ ᠪᠦᠸᠸ ᠄《ᠮᠠᠨ ᠤ᠋ ᠪᠦᠵᠢᠭ ᠰᠤᠶᠤᠯ ᠤ᠋ᠨ ᠨᠠᠢᠷ ᠲᠦ᠍ ᠰᠤᠡᠭᠭᠤᠭᠳᠠᠭᠰᠠᠨ ᠳ᠋ᠦ ᠪᠢᠳᠡ ᠮᠠᠰᠢ ᠲᠤᠭᠳᠤᠯᠵᠤ ᠂ ᠲᠦᠢᠯ ᠶ᠋ᠢᠡᠷ ᠤᠮᠤᠭᠰᠢᠵᠤ ᠪᠠᠢᠨ᠎ᠠ ᠃ ᠨᠠᠳᠠ ᠳ᠋ᠤ ᠠᠪᠴᠤ ᠬᠡᠯᠡᠪᠡᠯ ᠡᠨᠡ ᠤᠳᠠᠭᠠᠨ ᠤ᠋ ᠲᠤᠭᠯᠠᠯᠲᠠ ᠨᠢ ᠪᠤᠰᠤᠳ ᠡᠴᠡ ᠳᠠᠭᠠᠨ ᠰᠤᠷᠤᠯᠴᠠᠬᠤ ᠤᠯᠳᠠᠰᠢ ᠦᠭᠡᠢ ᠵᠠᠪᠱᠢᠶᠠᠨ ᠪᠠᠢᠵᠤ ᠂ ᠡᠯ᠎ᠠ ᠠᠢᠮᠠᠭ ᠬᠤᠲᠠ ᠶ᠋ᠢᠨ ᠤᠯᠠᠭᠠᠨᠮᠥ᠋ᠴᠢᠷ ᠤ᠋ᠨ ᠰᠢᠯᠢᠳᠡᠭ ᠲᠤᠭᠯᠠᠯᠳᠠ ᠵᠢ ᠰᠤᠨᠢᠷᠬᠠᠭᠠᠳ ᠤᠯᠠᠨ ᠶᠠᠭᠤᠮ᠎ᠠ ᠰᠤᠷᠤᠯ᠎ᠠ》ᠭᠡᠵᠦ ᠤᠯᠤᠯᠳᠠ ᠲᠦᠷᠦᠭᠳᠡᠯ ᠶ᠋ᠢᠡᠨ ᠬᠤᠪᠢᠶᠠᠯᠴᠠᠨ᠎ᠠ ᠃
ᠲᠤᠰ ᠤᠳᠠᠭ᠎ᠠ ᠵᠢᠨ ᠤᠯᠠᠭᠠᠨᠮᠥ᠋ᠴᠢᠷ ᠤ᠋ᠨ ᠰᠢᠨ᠎ᠡ ᠪᠦᠲᠦᠭᠡᠯ ᠤ᠋ᠨ ᠦᠵᠡᠭᠦᠯᠭᠡ ᠶ᠋ᠢᠨ ᠲᠤᠭᠯᠠᠯᠲᠠ ᠳ᠋ᠦ ᠰᠢᠯᠢ ᠶ᠋ᠢᠨ ᠭᠤᠤᠯ ᠤ᠋ᠨ ᠤᠯᠠᠭᠠᠨᠮᠥ᠋ᠴᠢᠷ ᠂ ᠪᠠᠶᠠᠨᠨᠠᠭᠤᠷ ᠤ᠋ᠨ ᠤᠯᠠᠭᠠᠨᠮᠥ᠋ᠴᠢᠷ ᠂ ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠤ᠋ ᠤᠯᠠᠭᠠᠨᠮᠥ᠋ᠴᠢᠷ ᠂ ᠰᠢᠡᠭ ᠾᠸ ᠰᠢᠶᠠᠨ ᠤ᠋ ᠤᠯᠠᠭᠠᠨᠮᠥ᠋ᠴᠢᠷ ᠂ ᠬᠤᠷᠴᠢᠨ ᠵᠡᠭᠦᠨ ᠭᠠᠷᠤᠨ ᠬᠤᠢᠲᠤ ᠬᠤᠰᠢᠭᠤᠨ ᠤ᠋ ᠤᠯᠠᠭᠠᠨᠮᠥ᠋ᠴᠢᠷ ᠂ ᠠᠷᠤ ᠬᠤᠷᠴᠢᠨ ᠬᠤᠰᠢᠭᠤᠨ ᠤ᠋ ᠤᠯᠠᠭᠠᠨᠮᠥ᠋ᠴᠢᠷ ᠵᠡᠷᠭᠡ 10 ᠭᠠᠷᠤᠢ ᠦᠨᠳᠦᠰᠦᠨ ᠱᠠᠲᠤᠨ ᠤ᠋ ᠤᠯᠠᠭᠠᠨᠮᠥ᠋ᠴᠢᠷ ᠵᠢᠴᠢ ᠡᠯ ᠷᠸᠨ ᠲᠠᠢ ᠤᠷᠠᠯᠢᠭ ᠤ᠋ᠨ ᠰᠤᠳᠤᠯᠭᠠᠨ ᠤ᠋ ᠬᠦᠷᠢᠶᠡᠯᠡᠡᠭ ᠤ᠋ᠨ ᠬᠢᠨ ᠤᠷᠤᠯᠴᠠᠵᠤ ᠂ ᠬᠠᠷᠢᠯᠴᠠᠨ ᠰᠤᠷᠤᠯᠴᠠᠵᠤ ᠳᠤᠲᠠᠭᠤᠳᠠᠯ ᠶ᠋ᠢᠡᠨ ᠨᠦᠬᠦᠪᠦᠷᠢᠯᠡᠨ ᠬᠠᠮᠲᠤ ᠪᠡᠷ ᠲᠠᠪᠰᠢᠬᠤ ᠵᠢ ᠵᠤᠷᠢᠪᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃